ᠪᠠᠶᠢᠴᠠᠭᠠᠬᠤ ᠰᠣᠶᠣᠯ  -    

ᠢᠨᠳᠡᠷ ᠤᠨ ᠮᠠᠭᠲᠠᠭᠠᠯ

2016-07-27 09:36:40
ᠵᠣᠬᠢᠶᠠᠭᠴᠢ
ᠱᠤᠸᠠᠩ ᠶᠢᠨ ᠪᠣᠤ

          ︵ᠬᠤᠯᠪᠤᠭ᠎ᠠ︶


ᠠᠷᠠᠯᠲᠤ ᠬᠤᠭᠤᠷ ᠢᠶᠠᠨ ᠪᠠᠷᠢᠯ᠎ᠠ ᠪᠢ

ᠠᠶᠠᠯᠭᠤ ᠬᠦᠭᠵᠢᠮ ᠢᠶᠠᠨ ᠡᠭᠦᠰᠭᠡᠶ᠎ᠡ

ᠠᠬ᠎ᠠ ᠳᠡᠭᠦᠦ ᠣᠯᠠᠨ ᠲᠠᠨᠠᠷ ᠲᠠᠭᠠᠨ

ᠢᠨᠳᠡᠷ ᠪᠠᠯᠭᠠᠰᠤ ᠪᠠᠨ ᠬᠤᠯᠪᠤᠵᠦ ᠦᠭᠭᠦᠶ᠎ᠡ᠃

    ᠤᠲᠠᠰᠤᠲᠤ ᠴᠤᠭᠤᠷ  ᠢᠶᠠᠨ ᠠᠳᠬᠤᠯ᠎ᠠ ᠪᠢ

    ᠤᠶᠠᠩᠭᠠᠲᠤ ᠳᠠᠭᠤᠤ ᠪᠠᠨ ᠲᠠᠭᠤᠯᠠᠶ᠎ᠠ

    ᠦᠷᠭᠡᠨ ᠣᠯᠠᠨ ᠲᠠᠨᠠᠷ ᠲᠠᠭᠠᠨ

    ᠢᠨᠳᠡᠷ ᠪᠠᠯᠭᠠᠰᠤ ᠪᠠᠨ ᠮᠠᠭᠲᠠᠵᠤ ᠦᠭᠭᠦᠶ᠎ᠡ᠃

ᠳᠡᠭᠲᠡᠷ ᠳᠡᠭᠲᠡᠷ ᠦᠭᠡᠳᠡᠯᠡᠬᠦ ᠱᠠᠲᠤ ᠶᠢ

ᠢᠨᠳᠡᠷ ᠭᠡᠵᠦ ᠬᠡᠯᠡᠨ᠎ᠡ ᠦᠦ ᠳ᠋ᠠ

ᠳᠠᠪᠰᠢᠨ ᠳᠠᠪᠰᠢᠬᠤ ᠵᠠᠯᠠᠶᠢᠳ ᠤᠨ ᠲᠥᠪ ᠢ

ᠢᠨᠳᠡᠷ ᠭᠡᠵᠦ ᠳᠠᠭᠤᠳᠠᠨ᠎ᠠ ᠰᠢᠤ᠃

    ᠵᠠᠯᠠᠶᠢᠳ ᠬᠤᠰᠢᠭᠤᠨ ᠤ ᠲᠥᠪ ᠪᠠᠯᠭᠠᠰᠤ

    ᠵᠢᠷᠭᠤᠭᠠᠨ ᠲᠥᠮᠡᠨ ᠬᠦᠮᠦᠨ ᠲᠠᠢ ᠬᠤᠲᠠ ᠪᠠᠯᠭᠠᠰᠤ

    ᠵᠢᠷᠠᠨ ᠵᠢᠯ ᠤᠨ ᠬᠦᠭᠵᠢᠯᠲᠡ ᠲᠠᠢ ᠣᠷᠤᠨ ᠪᠠᠯᠭᠠᠰᠤ

    ᠵᠢᠷᠭᠠᠯᠲᠤ ᠠᠮᠢᠳᠤᠷᠠᠯ ᠤᠨ ᠪᠡᠯᠭᠡᠳᠡᠯ ᠲᠠᠢ ᠪᠠᠯᠭᠠᠰᠤ᠃

ᠦᠩᠭᠡᠷᠡᠭᠰᠡᠨ ᠤ ᠲᠡᠤᠬᠡ ᠶᠢ ᠨᠢ ᠬᠡᠯᠡᠪᠡᠯ

ᠦᠨᠡᠭᠡᠷ ᠢᠲᠡᠭᠡᠵᠦ ᠶᠠᠳᠠᠮᠠᠷ ᠪᠠᠶᠢᠨ᠎ᠠ

ᠦᠴᠦᠭᠡᠳᠦᠷ ᠤᠨ ᠪᠠᠶᠢᠳᠠᠯ ᠢ ᠨᠢ ᠦᠬᠦᠯᠡᠪᠡᠯ

ᠡᠪᠳᠡᠷᠬᠡᠢ ᠴᠤᠴᠠᠷᠬᠠᠢ ᠨᠢ ᠠᠷᠭ᠎ᠠ ᠦᠭᠡᠢ ᠪᠠᠶᠢᠨ᠎ᠠ᠃

    ᠡᠩᠬᠦᠯ ᠳᠣᠩᠬᠤᠯ ᠵᠠᠮ ᠨᠤᠭᠤᠳ ᠨᠢ

    ᠡᠪᠡᠰᠦ ᠰᠢᠷᠠᠯᠵᠢ ᠤᠷᠭᠤᠭᠰᠠᠨ ᠶᠤᠮ

    ᠡᠷᠪᠡᠬᠡᠷ ᠰᠡᠷᠪᠡᠬᠡᠷ ᠬᠡᠳᠤᠨ ᠤᠯᠢᠶᠠᠰᠦ ᠨᠢ

    ᠠᠳᠡ ᠲᠡᠨᠳᠡ ᠦᠨᠦᠴᠢᠷᠡᠭᠰᠡᠨ ᠶᠤᠮ᠃

ᠡᠭᠦᠯᠡ ᠰᠡᠯᠬᠢᠨ ᠳᠡᠭᠳᠡᠪᠡᠯ ᠳ᠋ᠠ

ᠡᠯᠡᠰᠦ ᠲᠤᠭᠤᠰᠤ ᠬᠡᠶᠢᠰᠳᠡᠭ ᠪᠠᠶᠢᠨ᠎ᠠ

ᠦᠳᠡᠰᠢ ᠤᠷᠤᠢ ᠪᠣᠯᠪᠠᠯ ᠳ᠋ᠠ

ᠦᠵᠡᠬᠦ ᠨᠢᠳᠤᠨ ᠳᠤ ᠬᠠᠷᠠᠩᠭᠤᠢ ᠪᠠᠶᠢᠨ᠎ᠠ᠃

    ᠲᠣᠭᠤᠰᠬ᠎ᠠ ᠸᠠᠭᠠᠷ ᠤᠨ ᠪᠠᠶᠢᠰᠢᠩ ᠭᠡᠪᠡᠯ

    ᠲᠤᠩ ᠴᠦᠬᠡᠨ ᠬᠠᠷᠠᠭᠳᠠᠳᠠᠭ ᠪᠠᠶᠢᠨ᠎ᠠ

    ᠲᠤᠮᠤ ᠰᠢᠭ ᠳᠡᠯᠭᠡᠭᠦᠷ ᠭᠡᠪᠡᠯ

    ᠲᠣᠭᠠᠨ ᠳᠤ ᠤᠷᠤᠬᠤ ᠨᠢ ᠴᠦᠬᠡᠨ ᠪᠠᠶᠢᠨ᠎ᠠ᠃

ᠦᠨᠦᠳᠦᠷ ᠢ ᠨᠢ ᠦᠵᠡᠵᠦ ᠬᠠᠷᠠᠪᠡᠯ

ᠦᠰᠦᠳ ᠶᠡᠭᠡ ᠬᠤᠪᠢᠷᠠᠯᠲᠠ ᠲᠠᠢ ᠪᠠᠶᠢᠨ᠎ᠠ

ᠦᠩᠭᠡ ᠲᠦᠷᠰᠦ ᠨᠢ ᠰᠢᠨᠡᠲᠦᠭᠡᠳ

ᠡᠳᠦᠷ ᠠᠴᠠ ᠡᠳᠦᠷ ᠬᠦᠭᠵᠢᠵᠦ ᠪᠠᠶᠢᠨ᠎ᠠ᠃

    ᠦᠨᠳᠦᠷ ᠰᠦᠷᠯᠢᠭ ᠠᠰᠠᠷ ᠲᠠᠭᠳᠤ

    ᠡᠭᠦᠯᠡᠨ ᠳᠤ ᠰᠢᠷᠭᠤᠮᠠᠷ ᠰᠦᠨᠳᠡᠷᠯᠡᠯ᠎ᠡ

    ᠦᠷᠭᠡᠨ ᠳᠠᠷᠳᠠᠩ ᠵᠠᠭᠡᠯᠢ ᠭᠤᠲᠤᠮᠵᠢ

    ᠦᠨᠡᠬᠡᠷ ᠭᠤᠶᠤᠬᠠᠨ ᠳᠡᠪᠢᠰᠥᠭᠳᠡᠯ᠎ᠡ᠃

ᠬᠤᠲᠠ ᠪᠠᠯᠭᠠᠰᠤ ᠨᠢ ᠬᠦᠭᠵᠢᠭᠡᠳ

ᠬᠤᠳᠠᠯᠳᠤᠭ᠎ᠠ ᠮᠠᠶᠢᠮᠠᠢ ᠨᠢ ᠬᠦᠭᠵᠢᠶᠡᠨᠲᠡᠢ

ᠬᠤᠸᠠᠷ ᠴᠡᠴᠡᠭ ᠮᠢᠷᠠᠯᠵᠠᠭᠠᠳ

ᠬᠤᠲᠠᠯᠠ ᠣᠯᠠᠨ ᠨᠢ ᠪᠠᠶᠠᠰᠬᠤᠯᠠᠩᠲᠡᠢ᠃

    ᠦᠩᠭᠡ ᠪᠦᠷᠢ ᠶᠢᠨ ᠳ᠋ᠧᠩ ᠨᠤᠭᠤᠳ ᠨᠢ 

    ᠦᠲᠡᠰᠢ ᠶᠢᠨ ᠬᠠᠷᠠᠩᠭᠤᠢ ᠶᠢ ᠭᠡᠷᠡᠯᠲᠦᠭᠦᠯᠵᠡᠢ

    ᠦᠵᠡᠮᠵᠢᠲᠦ ᠰᠠᠶᠢᠬᠠᠨ ᠲᠢᠶᠠᠲᠷ ᠨᠢ

    ᠦᠢ ᠲᠦᠮᠡᠨ ᠤ ᠨᠠᠷᠭᠢᠶᠠᠨᠲᠡᠢ᠃

ᠲᠡᠷᠭᠡ ᠮᠠᠰᠢᠨ ᠣᠯᠠᠰᠢᠷᠠᠭᠠᠳ

ᠲᠡᠭᠡᠭᠡᠪᠦᠷᠢ ᠶᠢᠨ ᠦᠢᠯᠡᠰ ᠬᠦᠭᠵᠢᠯ᠎ᠡ

ᠲᠠᠸᠠᠷ ᠪᠠᠷᠠᠭ᠎ᠠ ᠡᠯᠪᠡᠭᠵᠢᠭᠡᠭᠡᠳ

ᠲᠦᠮᠡᠨ ᠤ ᠠᠮᠢᠳᠤᠷᠠᠯ ᠪᠠᠶᠠᠯᠢᠭᠵᠢᠯ᠎ᠠ᠃

    ᠤᠳᠠ ᠤᠯᠢᠶᠠᠰᠤ ᠨᠠᠷᠠᠰᠤ ᠮᠠᠶᠢᠯᠠᠰᠤ

    ᠵᠠᠮ ᠤᠨ ᠬᠦᠪᠡᠭᠡ ᠪᠠᠷ ᠵᠢᠭᠳᠡᠷᠡᠯ᠎ᠡ

    ᠤᠯᠠᠭᠠᠨ ᠬᠤᠸᠠᠷ ᠰᠢᠷ᠎ᠠ ᠴᠡᠴᠡᠭ

    ᠵᠡᠭᠡᠯᠢ ᠶᠢᠨ  ᠵᠠᠬ᠎ᠠ ᠪᠠᠷ ᠮᠢᠷᠠᠯᠵᠠᠯ᠎ᠠ᠃

ᠠᠮᠳᠠᠲᠤ ᠴᠡᠪᠡᠷᠬᠡᠨ ᠲᠠᠲᠠᠭᠠᠯ ᠤᠰᠤ ᠨᠢ

ᠡᠷᠦᠭᠡ ᠪᠦᠷᠢ ᠳᠤ ᠬᠦᠷᠭᠡᠭᠳᠡᠯ᠎ᠡ

ᠡᠪᠦᠯ ᠤᠨ ᠲᠤᠯᠠᠭᠠᠨ ᠢᠯᠴᠢ ᠨᠢ

ᠦᠷᠦᠭᠡ ᠪᠣᠯᠭᠠᠨ ᠳᠤ ᠨᠡᠪᠲᠡᠷᠡᠯ᠎ᠡ᠃

    ᠡᠮᠨᠡᠯᠭᠡ ᠶᠢᠨ ᠦᠢᠯᠡᠰ ᠬᠦᠭᠵᠢᠭᠡᠳ

    ᠡᠷᠡᠭᠦᠯ ᠡᠩᠬᠡ ᠶᠢ ᠪᠠᠳᠤᠯᠠᠵᠤ ᠪᠠᠶᠢᠨ᠎ᠠ

    ᠡᠷᠡᠭᠦᠯ ᠬᠠᠮᠠᠭᠠᠯᠠᠯ ᠢ ᠡᠷᠬᠢᠮᠯᠡᠭᠡᠳ

    ᠦᠲᠡᠯᠦᠭᠰᠡᠨ ᠵᠠᠯᠠᠭᠤᠰ ᠴᠢᠬᠢᠷᠠᠭᠵᠢᠵᠤ ᠪᠠᠶᠢᠨ᠎ᠠ᠃

ᠠᠰᠢᠭ ᠤᠷᠤᠯᠭ᠎ᠠ ᠨᠢ ᠨᠡᠮᠡᠭᠳᠡᠭᠡᠳ

ᠠᠷᠠᠳ ᠤᠨ ᠠᠮᠢᠳᠤᠷᠠᠯ ᠨᠢ ᠴᠢᠨᠡᠭᠡᠯᠢᠭᠵᠢᠵᠦ ᠪᠠᠶᠢᠨ᠎ᠠ

ᠣᠷᠤᠨ ᠰᠠᠭᠤᠴᠠ ᠨᠢ ᠰᠢᠨᠡᠳᠦᠭᠡᠳ

ᠠᠳᠠᠯ ᠦᠢᠯᠡᠰ ᠨᠢ ᠬᠦᠭᠵᠢᠵᠦ ᠪᠠᠶᠢᠨ᠎ᠠ᠃

    ᠬᠤᠷᠴᠢᠬᠢᠨᠠᠨ ᠤᠷᠤᠰᠬᠤ ᠠᠮᠢᠨ ᠭᠤᠣᠯ ᠨᠢ

    ᠬᠠᠰ ᠤᠨ ᠪᠦᠰᠡᠯᠡᠭᠦᠷ ᠴᠦ ᠥᠭᠡᠷ᠎ᠡ ᠦᠦ  ᠳ᠋ᠠ

    ᠬᠤᠯᠠ ᠣᠶᠢᠷ᠎ᠠ ᠶᠢᠨ ᠵᠣᠴᠢᠳ ᠲᠠᠭᠠᠨ

    ᠬᠠᠳᠠᠭ ᠢᠶᠠᠨ ᠳᠡᠪᠰᠢᠭᠦᠯᠦᠭᠰᠡᠨ ᠴᠦ ᠥᠭᠡᠷ᠎ᠡ ᠦᠦ ᠳ᠋ᠠ

ᠲᠣᠷᠠᠨ ᠰᠠᠶᠢᠬᠠᠨ ᠨᠠᠭᠤᠷ ᠨᠢ

ᠲᠣᠯᠢ ᠪᠣᠯᠤᠷ ᠴᠦ ᠥᠭᠡᠷ᠎ᠡ ᠦᠦ  ᠳ᠋ᠠ

ᠳᠤᠮᠳᠠ ᠨᠢ ᠰᠦᠭᠯᠡᠶᠢᠭᠰᠡᠨ ᠠᠷᠠᠯ ᠨᠢ

ᠲᠤᠭ ᠮᠠᠯᠠᠭᠠᠢ ᠴᠦ ᠥᠭᠡᠷ᠎ᠡ ᠦᠦ  ᠳ᠋ᠠ᠃

    ᠵᠢᠵᠢᠭ ᠬᠤᠲᠠ ᠪᠠᠯᠭᠠᠰᠤᠨ ᠤ ᠪᠠᠶᠢᠭᠤᠯᠤᠯᠲᠠ

    ᠵᠢᠱᠢᠶ᠎ᠡ ᠪᠣᠯᠣᠯ᠎ᠠ ᠪᠦᠬᠦ ᠣᠷᠤᠨ ᠳᠠᠭᠠᠨ

    ᠵᠠᠯᠠᠶᠢᠳ ᠠᠯᠳᠠᠷ ᠢᠶᠠᠨ ᠮᠠᠨᠳᠤᠭᠤᠯᠤᠭᠠᠳ

    ᠵᠢᠪᠬᠤᠭ᠎ᠠ ᠲᠡᠭᠦᠯᠳᠡᠷ ᠤᠷᠤᠭᠰᠢᠯᠠᠵᠤ ᠪᠠᠶᠢᠨ᠎ᠠ᠃

ᠤᠶᠤᠨ ᠤ ᠪᠣᠯᠪᠠᠰᠤᠨ ᠤ ᠪᠦᠲᠦᠭᠡᠨ ᠪᠠᠶᠢᠭᠤᠯᠤᠯᠲᠠ

ᠣᠷᠤᠨ ᠲᠠᠶᠠᠭᠠᠷ ᠳᠠᠭᠤᠷᠢᠶᠠᠯ ᠪᠣᠯᠣᠯ᠎ᠠ

ᠣᠷᠴᠢᠨ ᠲᠤᠭᠤᠷᠢᠨ ᠨᠢ ᠴᠡᠪᠡᠷᠰᠢᠭᠡᠳ

ᠦᠢ ᠲᠦᠮᠡᠨ ᠳᠡᠭᠡᠨ ᠲᠠᠭᠠᠯᠠᠭᠳᠠᠬᠤ ᠪᠣᠯᠣᠯ᠎ᠠ᠃ 


ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro