ᠪᠠᠶᠢᠴᠠᠭᠠᠬᠤ ᠰᠣᠶᠣᠯ  -    

ᠠ᠊ ᠳᠠᠷᠤᠭ᠎ᠠ ᠶᠢᠨ ᠤᠳᠬᠤᠨ ᠬᠦᠦ ᠶᠢᠨ ᠬᠤᠷᠢᠮ

2016-07-27 09:39:54
ᠵᠣᠬᠢᠶᠠᠭᠴᠢ
ᠱᠤᠸᠠᠩ ᠶᠢᠨ ᠪᠣᠤ

                     ︵ᠣᠬᠤᠷ  ᠦᠬᠦᠯᠡᠯᠭᠡ︶

   

    ᠠ᠊ ᠳᠠᠷᠤᠭ᠎ᠠ ᠬᠤᠰᠢᠭᠤᠨ ᠤ ᠪᠠᠨ ᠤᠯᠤᠰ ᠲᠥᠷᠦ ᠶᠢᠨ ᠵᠦᠪᠯᠡᠯᠭᠡᠨ ᠳᠤ ᠠᠵᠢᠯ ᠰᠢᠯᠵᠢᠵᠦ ᠢᠷᠡᠭᠡᠳ ᠶᠠᠭ ᠪᠦᠲᠦᠨ ᠭᠤᠷᠪᠠᠨ ᠵᠢᠯ ᠪᠤᠯᠴᠢᠬᠠᠯ᠎ᠠ᠃ ᠦᠵᠡᠵᠦ ᠪᠠᠶᠢᠳᠠᠯ᠎ᠠ ᠵᠢᠷᠠ ᠶᠢ ᠰᠢᠬᠠᠵᠤ ᠵᠠᠵᠢᠨ ᠦᠰᠦ ᠨᠢ ᠴᠠᠶᠢᠪᠠ᠃

    ᠠᠷᠪᠠᠨ ᠬᠡᠳᠦᠨ ᠵᠢᠯ ᠳᠠᠷᠤᠭ᠎ᠠ ᠶᠢᠨ ᠲᠤᠰᠢᠶᠠᠯ ᠳᠤ ᠶᠠᠪᠤᠵᠦ ᠣᠳᠤ ᠨᠠᠰᠤᠨ ᠤ ᠠᠮᠠᠷᠠᠯᠲᠠ ᠪᠠᠨ ᠠᠪᠬᠤ ᠠᠴᠠ ᠡᠮᠦᠨ᠎ᠡ ᠤᠳᠬᠤᠨ ᠬᠦᠦ ᠶᠢᠨ ᠢᠶᠠᠨ ᠬᠤᠷᠢᠮ ᠢ ᠶᠠᠭᠠᠬᠢᠭᠰᠠᠨ ᠴᠦ ᠪᠣᠰᠤᠳ ᠬᠡᠤᠬᠡᠳ ᠠᠴᠠ ᠪᠠᠨ ᠪᠠᠭᠤᠷᠠᠢ ᠬᠢᠵᠦ ᠪᠣᠯᠬᠤ ᠦᠭᠡᠢ ᠭᠡᠵᠦ ᠠ᠊ ᠳᠠᠷᠤᠭ᠎ᠠ ᠶᠢᠨ ᠡᠬᠡᠨᠡᠷ ᠡᠬᠡᠮᠦᠭᠲᠦ ᠬᠦᠭᠰᠢᠨ ᠡᠳᠦᠷᠵᠢᠨ ᠶᠠᠷᠢᠵᠤ ᠶᠠᠩᠰᠢᠭᠠᠳ ᠯᠠ ᠪᠠᠶᠢᠬᠤ ᠳᠤ ᠰᠤᠨᠤᠰᠬᠤ ᠦᠭᠡᠢ ᠭᠡᠵᠦ ᠪᠠᠶᠢᠨᠤ ᠳ᠋ᠠ᠃ ᠠ᠊ ᠳᠠᠷᠤᠭ᠎ᠠ S ᠪᠠᠯᠭᠠᠰᠤᠨ ᠤ ᠪᠠᠨ ᠬᠠᠮᠤᠭ ᠦᠨᠳᠦᠷ ᠳᠡᠰ ᠤᠨ ᠢᠳᠡᠵᠦ ᠳᠠᠳᠴᠤ ᠤᠤᠭᠤᠵᠤ ᠵᠠᠩᠰᠢᠭᠰᠠᠨ ᠬᠤᠭᠤᠯᠠᠨ ᠭᠡᠷ ᠤᠨ ᠵᠢᠩᠯᠢ ᠳᠡᠭᠡᠨ ᠤᠲᠠᠰᠤ ᠶᠠᠪᠤᠭᠤᠯᠵᠤ᠂ ᠰᠠᠷ᠎ᠠ ᠶᠢᠨ ᠡᠬᠢᠨ ᠤ ᠭᠠᠷᠠᠭ ᠤᠨ ᠡᠳᠤᠷ ᠢ ᠤᠳᠬᠤᠨ ᠬᠦᠦ ᠶᠢᠨ ᠢᠶᠠᠨ ᠬᠤᠷᠢᠮ ᠤᠨ ᠡᠳᠦᠷ ᠢᠶᠠᠷ ᠪᠤᠯᠵᠤᠨ ᠲᠤᠭᠲᠠᠵᠤ ᠰᠢᠷᠡᠭᠡ ᠪᠤᠳᠠᠭ᠎ᠠ᠂ ᠠᠷᠢᠬᠢ ᠳᠠᠷᠠᠰᠤ ᠶᠢ ᠡᠷᠲᠡ ᠪᠡᠯᠡᠳᠭᠡᠬᠦ ᠪᠠᠷ ᠵᠠᠯᠠᠯᠭ᠎ᠠ ᠶᠢᠨ ᠪᠢᠴᠢᠭ ᠢ ᠣᠪᠤᠭ᠎ᠠ ᠠᠷᠪᠢᠨ ᠳᠠᠷᠤᠮᠠᠯᠯᠠᠵᠤ ᠦᠪᠡᠷ ᠤᠨ ᠪᠡᠶ᠎ᠡ ᠪᠠᠷ ᠲᠠᠷᠬᠠᠭᠠᠵᠤ ᠶᠠᠪᠤᠪᠠ᠃

    ᠠᠷᠪᠠᠨ  ᠵᠢᠯ ᠤᠨ ᠡᠮᠤᠨ᠎ᠡ ᠠ᠊ ᠳᠠᠷᠤᠭ᠎ᠠ ᠶᠢᠨ ᠬᠡᠢ ᠮᠣᠷᠢ ᠨᠢ ᠮᠠᠨᠳᠤᠵᠤ ᠬᠡᠰᠢᠭ ᠪᠣᠶᠠᠨ ᠨᠢ ᠳᠡᠭᠳᠡᠯ᠎ᠡ᠃ ᠲᠡᠷᠡ ᠬᠤᠰᠢᠭᠤᠨ ᠤ ᠵᠠᠰᠠᠭ ᠤᠨ ᠤᠷᠳᠤᠨ ᠤ ᠨᠠᠷᠢᠨ ᠪᠢᠴᠢᠭᠡᠴᠢ ᠪᠠᠶᠢᠭᠰᠠᠨ ᠠᠴᠠ ᠪᠠᠨ ᠨᠢᠭᠡ ᠯᠠ ᠳᠣᠣᠷ᠎ᠠ ᠬᠤᠰᠢᠭᠤᠨ ᠳᠡᠳ᠋ ᠳᠠᠷᠤᠭ᠎ᠠ ᠶᠢᠨ ᠲᠤᠰᠢᠶᠠᠯ ᠳᠤ ᠳᠠᠪᠰᠢᠨ ᠭᠠᠷᠴᠦ᠂ ᠤᠳᠠᠭᠰᠠᠨ ᠴᠦ ᠦᠭᠡᠢ ᠳᠠᠷᠠᠭ᠎ᠠ ᠵᠢᠯ ᠨᠢ ᠦᠭᠡᠯᠡᠢ ᠬᠦᠦ ᠳᠡᠭᠡᠨ ᠬᠤᠷᠢᠮ ᠬᠢᠭᠰᠡᠨ ᠴᠢᠨᠢ ᠦᠨᠡᠭᠡᠷ ᠰᠠᠨᠠᠭᠰᠠᠨ ᠠᠴᠠ ᠭᠠᠳᠠᠭᠤᠷ ᠬᠤᠷᠢᠮ ᠳᠤ ᠰᠠᠭᠠᠳᠠᠭᠰᠠᠳ ᠤᠨ ᠬᠦᠮᠦᠨ ᠤ ᠲᠤᠭ᠎ᠠ ᠨᠢ ᠵᠠᠯᠠᠯᠭ᠎ᠠ ᠶᠢᠨ ᠪᠢᠴᠢᠭ ᠤᠨ ᠬᠠᠭᠤᠳᠠᠰᠤ ᠶᠢᠨ ᠨᠢᠭᠤᠷ ᠠᠴᠠ ᠬᠤᠯᠠ ᠬᠡᠲᠤᠷᠡᠵᠦ᠂ ᠨᠢᠭᠡ ᠡᠳᠥᠷ ᠢᠶᠠᠷ ᠲᠦᠰᠦᠪᠯᠡᠵᠦ ᠪᠠᠶᠢᠭᠰᠠᠨ ᠬᠤᠷᠢᠮ ᠤᠨ ᠶᠠᠪᠤᠳᠠᠯ ᠳᠤ ᠬᠤᠶᠠᠷ ᠡᠳᠥᠷ ᠪᠦᠭᠰᠡ ᠰᠠᠭᠤᠳᠠᠯ ᠦᠭᠡᠢ ᠮᠣᠩᠬᠢᠨᠠᠨ ᠵᠦᠳᠡᠭᠰᠡᠨ ᠠ᠊  ᠳᠠᠷᠤᠭ᠎ᠠ᠂ ᠡᠬᠡᠮᠦᠭᠳᠦ ᠬᠦᠭᠰᠢᠨ ᠬᠤᠶᠠᠭᠤᠯᠠ ᠣᠷᠤᠢ ᠨᠢ ᠬᠤᠨᠤᠭ ᠤᠨ ᠦᠷᠦᠭᠡᠨ ᠳᠡᠭᠡᠨ ᠬᠠᠷᠮᠠᠨ ᠳᠦᠭᠦᠷᠡᠩ ᠵᠠᠭᠤᠳᠦ ᠶᠢᠨ ᠵᠣᠭᠤᠰ ᠢᠶᠠᠨ ᠠᠭᠤᠳᠠᠯᠠᠨ ᠭᠠᠷᠭᠠᠵᠤ ᠲᠣᠭᠠᠯᠠᠨ ᠲᠣᠭᠠᠯᠠᠨ ᠪᠠᠭᠯᠠᠵᠤ᠂ ᠬᠠᠷᠠᠨ ᠬᠠᠷᠠᠨ ᠪᠠᠶᠠᠰᠴᠤ ᠭᠠᠷᠤᠭᠰᠠᠨ  ᠪᠢᠯᠡ ᠂᠂᠂᠂᠂᠂

    ᠡᠳᠦᠷ ᠬᠤᠨᠤᠭ ᠦᠩᠭᠡᠷᠡᠭᠰᠡᠭᠡᠷ ᠤᠳᠠᠭᠰᠠᠨ ᠴᠦ ᠦᠭᠡᠢ ᠰᠠᠷ᠎ᠠ ᠶᠢᠨ ᠡᠬᠢᠨ ᠤ ᠭᠠᠷᠠᠭ ᠤᠨ ᠡᠳᠤᠷ ᠪᠣᠯᠵᠤ᠂  ᠠ᠊ ᠳᠠᠷᠤᠭ᠎ᠠ ᠶᠢᠨ ᠣᠳᠬᠤᠨ ᠬᠦᠦ ᠶᠢᠨ ᠬᠢᠨᠢ ᠬᠤᠷᠢᠮ ᠤᠨ ᠡᠳᠦᠷ ᠬᠦᠷᠴᠦ ᠢᠷᠡᠯ᠎ᠡ᠃ ᠲᠡᠭᠡᠭᠡᠳ ᠲᠡᠷᠡ ᠬᠦᠭᠰᠢᠨ ᠡᠬᠡᠮᠦᠭᠳᠦ ᠲᠠᠢ ᠪᠠᠨ ᠬᠤᠶᠠᠭᠤᠯᠠ ᠠᠯᠢ ᠡᠷᠲᠡ ᠠᠴᠠ ᠪᠣᠯᠵᠤᠵᠤ ᠲᠣᠭᠲᠠᠭᠰᠠᠨ ᠦᠨᠳᠦᠷ ᠳᠡᠰ ᠤᠨ ᠬᠤᠭᠤᠯᠠᠨ ᠭᠡᠷ ᠲᠡᠭᠡᠨ ᠵᠠᠪᠳᠤᠨ ᠢᠷᠡᠵᠦ᠂ ᠤᠳᠬᠤᠨ ᠬᠦᠦ ᠶᠢᠨ ᠬᠢᠨᠢ ᠬᠤᠷᠢᠮ ᠨᠠᠶᠢᠷ ᠲᠤ ᠮᠣᠷᠢᠯᠠᠨ ᠰᠠᠭᠠᠲᠠᠬᠤ ᠬᠦᠮᠦᠰ ᠢ ᠲᠣᠰᠤᠨ ᠠᠪᠴᠦ ᠤᠭᠲᠤᠬᠤ ᠪᠠᠷ ᠡᠭᠦᠳᠡ ᠰᠠᠬᠢᠨ ᠵᠣᠭᠰᠤᠪᠠ᠃ ᠤᠳᠠᠭᠰᠠᠨ ᠴᠦ ᠦᠭᠡᠢ ᠬᠤᠭᠤᠯᠠᠨ ᠭᠡᠷ ᠤᠨ ᠦᠢᠯᠡᠴᠢᠯᠡᠭᠴᠢ ᠠᠪᠠᠭ᠋ᠠᠢ ᠨᠠᠷ ᠬᠡᠳᠤᠨ ᠠᠷᠪᠠᠨ ᠰᠢᠷᠡᠭᠡ ᠶᠢ ᠭᠢᠯᠪᠠᠶᠢᠲᠠᠯ᠎ᠠ ᠠᠷᠴᠢᠵᠤ᠂ ᠪᠦᠬᠦᠯᠢ ᠲᠠᠬᠢᠶ᠎ᠠ᠂ ᠪᠦᠳᠦᠭᠦᠨ ᠵᠢᠭᠠᠰᠤ᠂ ᠠᠭᠤᠷ ᠰᠠᠪᠰᠠᠯᠠᠭᠰᠠᠨ ᠠᠮᠲᠠᠲᠤ ᠨᠤᠭᠤᠭ᠎ᠠ ᠶᠢ ᠰᠢᠷᠡᠭᠡ ᠳᠦᠭᠦᠷᠲᠡᠯ᠎ᠡ ᠭᠠᠷᠭᠠᠵᠤ ᠡᠬᠢᠯᠡᠪᠠ᠃ ᠨᠠᠢᠮᠠᠨ ᠴᠠᠭ᠂᠂᠂᠂   ᠂᠂᠂᠂ ᠶᠢᠰᠤᠨ ᠴᠠᠭ ᠂᠂᠂᠂  ᠂᠂᠂᠂ ᠠᠷᠪᠠᠨ ᠴᠠᠭ ᠤᠶᠢᠷᠠᠳᠤᠪᠠ᠃   ᠠ᠊ ᠳᠠᠷᠤᠭ᠎ᠠ᠂ ᠡᠬᠡᠮᠦᠭᠲᠦ ᠬᠦᠭᠰᠢᠨ ᠬᠤᠶᠠᠭᠤᠯᠠ ᠡᠭᠦᠳᠡᠨ ᠭᠠᠳᠠᠨ᠎ᠠ ᠨᠢᠳᠦ ᠴᠠᠪᠴᠢᠯ ᠦᠭᠡᠢ ᠬᠤᠷᠢᠮ ᠳᠤ ᠮᠣᠷᠢᠯᠠᠬᠤ ᠬᠦᠮᠦᠰ ᠢ ᠬᠠᠷᠠᠵᠤ ᠵᠣᠭᠰᠤᠨ᠎ᠠ᠃ ᠤᠤᠯ ᠤᠨ ᠲᠤᠭᠲᠠᠭᠰᠠᠨ ᠦᠷᠯᠦᠭᠡ ᠶᠢᠨ ᠨᠠᠢᠮᠠᠨ ᠴᠠᠭ ᠲᠤ ᠬᠤᠷᠢᠮ ᠨᠠᠶᠢᠷ ᠡᠬᠢᠯᠡᠬᠦ ᠭᠡᠰᠡᠨ ᠴᠢᠨᠢ ᠣᠳᠤ ᠪᠤᠯᠲᠠᠯ᠎ᠠ ᠲᠠᠪᠤᠨ ᠰᠢᠷᠡᠭᠡ ᠵᠣᠴᠢᠨ ᠴᠦ ᠠᠷᠡᠢ ᠬᠦᠷᠬᠦ ᠦᠭᠡᠢ᠃ ᠭᠡᠬᠦ ᠳᠡᠭᠡᠨ ᠲᠡᠳᠡᠨᠡᠷ ᠤᠨ ᠵᠣᠩᠭᠢᠯᠠᠬᠤ ᠤᠯᠠᠨ ᠨᠢ ᠴᠦᠮ ᠠ᠊ ᠳᠠᠷᠤᠭ᠎ᠠ  ᠶᠢᠨ ᠰᠠᠲᠤᠨ ᠲᠦᠷᠦᠯ᠂ ᠨᠠᠶᠢᠵᠠ ᠨᠠᠷ ᠨᠢ ᠪᠠᠶᠢᠬᠤ ᠠᠴᠠ ᠪᠢᠰᠢ ᠬᠠᠷᠢᠨ ᠬᠤᠰᠢᠭᠤᠨ ᠤ ᠪᠠᠶᠢᠭᠤᠯᠭ᠎ᠠ ᠨᠢᠭᠡᠴᠡ᠂ ᠰᠠᠯᠠᠭ᠎ᠠ ᠲᠤᠪᠴᠢᠶᠠᠨ ᠤ ᠺᠠᠳ᠋ᠷ ᠠᠵᠢᠯᠲᠠᠨ ᠨᠠᠷ ᠲᠤᠩ ᠴᠦᠭᠡᠨ ᠬᠠᠷᠠᠭᠲᠠᠨ᠎ᠠ᠃ ᠦᠳᠡ ᠦᠩᠭᠡᠷᠡᠵᠦ ᠠ᠊ ᠳᠠᠷᠤᠭ᠎ᠠ ᠶᠢᠨ ᠤᠳᠬᠤᠨ ᠬᠦᠦ ᠶᠢᠨ ᠬᠤᠷᠢᠮ ᠨᠠᠶᠢᠷ ᠲᠤ ᠮᠣᠷᠢᠯᠠᠨ ᠢᠷᠡᠭᠰᠡᠨ ᠬᠦᠮᠦᠰ ᠬᠦᠵᠦᠭᠦᠦ ᠠᠮᠠ ᠪᠠᠨ ᠤᠯᠠᠶᠢᠯᠭᠠᠨ ᠬᠦᠯᠴᠦᠭᠦᠷᠡᠲᠡᠯ᠎ᠡ ᠤᠤᠭᠤᠵᠠᠭᠠᠵᠤ  ᠠᠷᠢᠬᠢᠨ ᠰᠢᠷᠡᠭᠡᠨ ᠠᠴᠠ ᠪᠠᠭᠤᠪᠠ ᠃ ᠦᠯᠡᠳᠡᠭᠡᠳ ᠪᠠᠶᠢᠭᠰᠠᠨ ᠲᠡᠷᠡ ᠬᠡᠳᠦᠨ ᠰᠢᠷᠡᠭᠡᠨ ᠳᠡᠭᠡᠷ᠎ᠡ ᠮᠦᠨ ᠰᠠᠭᠤᠭᠰᠠᠨ ᠬᠦᠮᠦᠨ ᠠᠯᠠᠭ᠎ᠠ ᠬᠤᠭᠤᠰᠤᠨ ᠢᠶᠠᠷ ᠢᠶᠠᠨ ᠪᠠᠶᠢᠭᠰᠠᠭᠠᠷ᠃ ᠦᠷᠦᠵᠦ ᠲᠠᠯᠪᠢᠭᠰᠠᠨ ᠨᠤᠭᠤᠭ᠎ᠠ ᠴᠠᠭ᠎ᠠ ᠨᠢ ᠠᠯᠢ ᠬᠡᠳᠤᠶᠢᠨ ᠬᠦᠷᠦᠵᠦ ᠬᠦᠢᠲᠡᠨ ᠪᠣᠯᠪᠠ᠃

    ᠠ᠊ ᠳᠠᠷᠤᠭ᠎ᠠ᠂ ᠡᠬᠡᠮᠦᠭᠲᠦ ᠬᠦᠭᠰᠢᠨ ᠵᠠᠯᠭᠠᠭᠠᠳ ᠮᠦᠨ ᠡᠭᠦᠳᠡᠨ ᠭᠠᠳᠠᠨ᠎ᠠ ᠬᠠᠷᠠᠵᠤ ᠵᠣᠭᠰᠤᠪᠠ᠃ ᠨᠠᠷᠠᠨ ᠰᠢᠩᠭᠡᠵᠦ ᠣᠷᠤᠢ ᠪᠣᠯᠤᠯ᠎ᠠ᠃ ᠬᠤᠷᠢᠮ ᠳᠤ ᠮᠣᠷᠢᠯᠠᠨ ᠢᠷᠡᠭᠰᠡᠨ ᠬᠦᠮᠦᠨ ᠥᠭᠡᠷ᠎ᠡ ᠨᠡᠮᠡᠭᠳᠡᠭᠰᠡᠨ ᠢᠶᠠᠷ ᠦᠭᠡᠢ᠃

    ᠳᠠᠷᠠᠭ᠎ᠠ ᠡᠳᠤᠷ ᠨᠢ ᠠ᠊ ᠳᠠᠷᠤᠭ᠎ᠠ ᠪᠠᠶᠢᠭᠤᠯᠭ᠎ᠠ ᠳᠠᠭᠠᠨ ᠬᠦᠷᠴᠦ ᠠᠵᠢᠯᠯᠠᠬᠤ ᠭᠡᠷ ᠲᠡᠭᠡᠨ ᠠᠯᠬᠤᠨ ᠣᠷᠤᠲᠠᠯ᠎ᠠ ᠨᠠᠷᠢᠨ ᠪᠢᠴᠢᠭᠡᠴᠢ ᠨᠢ ᠰᠠᠮᠫᠢᠯ ᠭᠤᠸᠠᠢ ᠨᠢᠭᠡ ᠭᠠᠷᠠᠭ ᠤᠨ ᠡᠮᠦᠨ᠎ᠡ ᠨᠢᠭᠡᠨᠲᠡ ᠳᠡᠭᠡᠲᠦ ᠱᠠᠲᠤᠨ ᠤ ᠵᠣᠬᠢᠶᠠᠨ ᠪᠠᠶᠢᠭᠤᠯᠬᠤ ᠭᠡᠯᠳᠡᠰ ᠠᠴᠠ  ᠠ᠊ ᠳᠠᠷᠤᠭ᠎ᠠ ᠶᠢᠨ ᠠᠵᠢᠯ ᠠᠴᠠ ᠪᠠᠨ ᠠᠮᠠᠷᠠᠬᠤ ᠮᠡᠳᠡᠭᠳᠡᠯ ᠤᠨ ᠪᠢᠴᠢᠭ ᠢ ᠲᠡᠭᠦᠨ ᠳᠤ ᠭᠠᠷᠲᠠᠭᠤᠯᠪᠠ᠃

               


ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro