ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ ᠠᠷᠠᠳ ᠤᠨ ᠲᠡᠭᠡᠳᠦ ᠪᠠᠶᠢᠴᠭᠠᠠᠬᠤ ᠬᠤᠷᠢᠶ᠎ᠠ᠂ ᠲᠤᠳᠣᠭᠠᠳᠣ ᠶᠢ ᠬᠠᠮᠠᠭᠠᠯᠠᠬᠤ ᠶᠠᠮᠤᠨ ᠤ ᠵᠢᠯᠤᠭᠤᠳᠬᠤ ᠰᠠᠨᠠᠯ ᠢ ᠢᠳᠡᠪᠬᠢᠳᠡᠢ ᠲᠤᠭᠤᠰᠢᠯᠠᠭᠤᠯᠵᠦ ᠪᠠᠶᠢᠨ᠎ᠠ

2023-05-26 13:19:09
ᠵᠣᠬᠢᠶᠠᠭᠴᠢ
ᠬᠦᠰᠡᠯᠡᠷᠳᠡᠨᠢ

 
    
        2023 ᠤᠨ ᠤ 1 ᠰᠠᠷ᠎ᠠ ᠶᠢᠨ 12 ᠤ ᠡᠳᠦᠷ᠂  ᠠᠷᠠᠳ ᠤᠨ ᠲᠡᠭᠡᠳᠦ ᠪᠠᠶᠢᠴᠠᠭᠠᠬᠤ ᠬᠤᠷᠢᠶ᠎ᠠ᠂ ᠲᠤᠳᠣᠭᠠᠳᠣ ᠶᠢ ᠬᠠᠮᠠᠭᠠᠯᠠᠬᠤ ᠶᠠᠮᠤᠨ ᠬᠠᠮᠳᠣᠷᠠᠨ ︽ᠵᠤᠷᠢᠭᠤᠳᠠ ᠬᠡᠮᠳᠦᠬᠡᠭᠰᠡᠨ ᠬᠡᠷᠡᠭ ᠢ ᠬᠠᠤᠯᠢ ᠶᠤᠰᠣᠭᠠᠷ ᠵᠤᠬᠢᠰᠳᠠᠢ ᠰᠢᠢᠳᠪᠦᠷᠢᠯᠡᠬᠦ ᠲᠤᠬᠠᠢ ᠵᠢᠯᠤᠭᠤᠳᠬᠤ ᠰᠠᠨᠠᠯ︾ ᠢ ᠬᠡᠪᠯᠡᠬᠦᠯᠥᠨ ᠲᠠᠷᠬᠠᠭᠠᠪᠠ᠃ ᠲᠤᠰ ᠵᠢᠯᠤᠭᠤᠳᠬᠤ ᠰᠠᠨᠠᠯ ᠳᠤ᠄ ︽ᠠᠷᠠᠳ ᠤᠨ ᠪᠠᠶᠢᠴᠠᠭᠠᠬᠤ ᠬᠤᠷᠢᠶ᠎ᠠ᠂ ᠲᠤᠳᠣᠭᠠᠳᠣ ᠶᠢ ᠬᠠᠮᠠᠭᠠᠯᠠᠬᠤ ᠲᠤᠪᠴᠢᠶ᠎ᠠ ᠨᠢ ᠪᠡᠶᠡᠴᠢ ᠪᠤᠰᠣᠳᠴᠢ ᠶᠢ ᠤᠶᠠᠯᠳᠣᠭᠤᠬᠤ ᠵᠠᠷᠴᠢᠮ ᠢ ᠴᠢᠩᠭ᠎ᠠ ᠪᠠᠷᠢᠮᠳᠠᠯᠠᠨ᠂ ᠬᠡᠷᠡᠭ ᠤᠨ ᠡᠬᠦᠰᠦᠭᠰᠡᠨ ᠰᠢᠯᠳᠠᠭᠠᠨ᠂ ᠵᠦᠷᠢᠴᠡᠯ ᠢ ᠬᠤᠷᠴᠠᠳᠬᠠᠭᠴᠢ ᠲᠠᠯ᠎ᠠ ᠶᠢᠨ ᠤᠰᠣᠯ᠂ ᠬᠦᠴᠦᠷᠬᠡᠶᠢᠯᠡᠯ ᠤᠨ ᠪᠠᠭᠠᠵᠢ ᠠᠰᠢᠭᠯᠠᠭᠰᠠᠨ ᠡᠰᠡᠬᠦ᠂ ᠢᠯᠡᠷᠬᠡᠢ ᠬᠦᠴᠦᠷᠭᠡᠭᠯᠡᠯ ᠢ ᠬᠡᠷᠡᠭᠯᠡᠭᠰᠡᠨ ᠡᠰᠡᠬᠦ᠂ ᠤᠯᠠᠨ ᠬᠦᠮᠦᠨ ᠢ ᠴᠤᠭᠯᠠᠭᠤᠯᠵᠦ ᠵᠤᠳᠣᠯᠳᠣᠭᠠᠨ ᠳᠤ ᠤᠷᠤᠯᠴᠠᠭᠤᠯᠤᠭᠰᠠᠨ ᠡᠰᠡᠬᠦ ᠬᠡᠬᠦ ᠮᠡᠳᠦ ᠶᠢᠨ ᠪᠤᠰᠣᠳᠴᠢ ᠦᠢᠯᠡ ᠪᠠᠶᠢᠳᠠᠯ ᠢ ᠬᠠᠷᠠᠭᠠᠯᠵᠠᠨ᠂ ᠬᠡᠷᠡᠭ ᠤᠨ ᠰᠡᠵᠢᠭᠳᠡᠨ ᠤ ᠪᠡᠶᠡᠴᠢ ᠵᠤᠷᠢᠯᠭ᠎ᠠ ᠬᠢᠬᠡᠳ ᠦᠢᠯᠡ ᠶᠢᠨ ᠰᠢᠨᠵᠢ ᠴᠢᠨᠠᠷ ᠢ ᠤᠨᠤᠪᠴᠢᠳᠠᠢ ᠮᠠᠭᠠᠳᠯᠠᠬᠤ ᠬᠡᠷᠡᠭᠳᠡᠢ᠃ ᠠᠷᠰᠠᠷ ᠤᠴᠢᠷ ᠠᠴᠠ ᠪᠤᠯᠤᠭᠰᠠᠨ ᠵᠦᠷᠢᠯᠳᠦᠬᠡᠨ ᠳᠤ ᠬᠤᠶᠠᠷ ᠡᠳᠡᠬᠡᠳ ᠢᠶᠠᠷ ᠢᠶᠠᠨ ᠪᠡᠶ᠎ᠡ ᠪᠠᠨ ᠪᠠᠷᠢᠵᠦ ᠶᠠᠳᠠᠨ ᠵᠤᠳᠣᠯᠳᠣᠭᠰᠠᠨ ᠪᠠᠶᠢᠳᠠᠯ ᠳᠤ᠂ ᠤᠰᠣᠯ ᠲᠠᠢ ᠡᠳᠡᠬᠡᠳ ᠨᠢ ᠤᠷᠢᠳᠠᠪᠠᠷ ᠭᠠᠷ ᠬᠦᠳᠡᠯᠥᠭᠰᠡᠨ ᠮᠦᠷᠳᠡᠬᠡᠨ ᠠᠷᠭ᠎ᠠ ᠬᠡᠯᠪᠡᠷᠢ ᠨᠢ ᠢᠯᠡᠷᠬᠡᠢ ᠬᠡᠳᠦᠷᠡᠭᠰᠡᠨ ᠪᠤᠶᠤ ᠨᠢᠬᠡ ᠡᠳᠡᠬᠡᠳ ᠨᠢ ᠤᠷᠢᠳᠠᠪᠠᠷ ᠭᠠᠷ ᠬᠦᠳᠡᠯᠵᠦ᠂ ᠨᠦᠬᠦᠬᠡ ᠡᠳᠡᠬᠡᠳ ᠨᠢ ᠵᠦᠷᠢᠯᠳᠦᠬᠡᠨ ᠠᠴᠠ ᠵᠠᠶᠢᠯᠠᠬᠤ ᠶᠢ ᠤᠷᠤᠯᠳᠣᠭᠰᠠᠨ ᠪᠠᠶᠢᠳᠠᠯ ᠳᠤ ᠨᠦᠬᠦᠬᠡ ᠡᠳᠡᠬᠡᠳ ᠨᠢ ᠦᠷᠬᠦᠯᠵᠢᠯᠡᠨ ᠬᠠᠯᠳᠠᠪᠠᠯ᠂ ᠬᠠᠷᠢᠭᠤᠴᠠᠭᠰᠠᠨ ᠲᠠᠯ᠎ᠠ ᠨᠢ ᠨᠦᠬᠦᠬᠡ ᠡᠳᠡᠬᠡᠳ ᠢᠶᠠᠨ ᠬᠡᠮᠳᠦᠬᠡᠪᠡᠯ᠂ ᠡᠩ ᠤᠨ ᠪᠠᠶᠢᠳᠠᠯ ᠳᠤ ᠵᠦᠢ ᠶᠤᠰᠣᠨ ᠤ ᠬᠠᠮᠠᠭᠠᠯᠠᠯᠳᠠ ᠪᠠᠷ ᠦᠵᠡᠬᠦ ᠬᠡᠷᠡᠭᠳᠡᠢ︾ ᠬᠡᠮᠡᠨ  ︽ᠵᠦᠢ ᠶᠤᠰᠣᠨ ᠤ ᠬᠠᠮᠠᠭᠠᠯᠠᠯᠳᠠ︾ ᠶᠢᠨ ᠲᠤᠬᠠᠢ ᠪᠤᠳᠠᠳᠣ ᠦᠢᠯᠡᠳᠦᠯᠬᠡ ᠳᠤ ᠵᠢᠯᠤᠭᠤᠳᠣᠮᠵᠢ ᠪᠤᠯᠤᠮᠠᠷ ᠨᠠᠷᠢᠨ ᠲᠠᠶᠢᠯᠪᠤᠷᠢᠯᠠᠯᠳᠠ ᠬᠢᠭᠰᠡᠨ ᠪᠠᠶᠢᠪᠠ᠃
        ᠤᠷᠴᠢᠮ ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ ᠠᠷᠤ ᠬᠤᠷᠴᠢᠨ ᠬᠤᠰᠢᠭᠤᠨ ᠤ ᠲᠤᠳᠣᠭᠠᠳᠣ ᠶᠢ ᠬᠠᠮᠠᠭᠠᠯᠠᠬᠤ ᠲᠤᠪᠴᠢᠶᠠᠨ ᠤ ᠠᠯᠪᠠᠨ ᠵᠠᠭᠠᠯᠳᠣᠯᠭ᠎ᠠ ᠭᠠᠷᠭᠠᠯᠭᠠᠬᠤ ᠪᠠᠷ ᠰᠢᠯᠵᠢᠬᠦᠯᠥᠨ ᠢᠷᠡᠬᠦᠯᠥᠭᠰᠡᠨ ᠵᠤᠷᠢᠭᠤᠳᠠ ᠬᠡᠮᠳᠦᠬᠡᠭᠰᠡᠨ ᠨᠢᠬᠡᠨ ᠬᠡᠷᠡᠭ ᠢ ᠬᠦᠯᠢᠶᠡᠨ ᠲᠤᠰᠪᠠ᠃  ᠡᠭᠦᠨ ᠳᠦ ᠲᠤᠰ ᠬᠤᠷᠢᠶ᠎ᠠ ᠲᠤᠰ ᠬᠡᠷᠡᠭ ᠢ ᠬᠢᠨᠠᠨ ᠪᠠᠶᠢᠴᠠᠭᠠᠬᠤ ᠶᠠᠪᠤᠴᠠ ᠳᠤ ᠪᠠᠨ᠂ ᠵᠢᠯᠤᠭᠤᠳᠬᠤ ᠰᠠᠨᠠᠯ ᠳᠠᠬᠢ ᠬᠠᠮᠢᠶ᠎ᠠ ᠪᠦᠬᠦᠢ ᠠᠭᠤᠯᠭ᠎ᠠ ᠪᠠᠷ ᠵᠢᠯᠤᠭᠤᠳᠣᠮᠵᠢ ᠪᠤᠯᠭᠠᠨ᠂ ᠬᠡᠷᠡᠭ ᠤᠨ ᠢᠶᠠᠨ ᠪᠤᠳᠠᠳᠣ ᠪᠠᠶᠢᠳᠠᠯ ᠲᠠᠢ ᠪᠠᠨ ᠤᠶᠠᠯᠳᠣᠭᠤᠯᠣᠨ᠂ ᠬᠡᠷᠡᠭ ᠤᠨ ᠡᠬᠦᠰᠦᠭᠰᠡᠨ ᠰᠢᠯᠳᠠᠭᠠᠨ᠂ ᠰᠡᠵᠢᠭᠳᠡᠨ ᠤ ᠶᠠᠯ᠎ᠠ ᠶᠢᠨ ᠪᠡᠶᠡᠴᠢ ᠵᠤᠷᠢᠯᠭ᠎ᠠ᠂ ᠬᠠᠯᠳᠠᠭᠰᠠᠨ ᠠᠷᠭ᠎ᠠ ᠠᠪᠴᠠᠯ᠂ ᠬᠡᠷᠡᠭ ᠤᠨ ᠶᠠᠪᠤᠴᠠ᠂ ᠦᠷ᠎ᠡ ᠤᠷᠰᠢᠭ᠂ ᠬᠡᠷᠡᠭ ᠤᠨ ᠲᠠᠷᠠᠭᠠᠬᠢ ᠤᠪᠤᠷ ᠤᠬᠠᠮᠰᠠᠷ ᠵᠡᠷᠬᠡ ᠪᠤᠳᠠᠳᠣ ᠶᠠᠪᠤᠳᠠᠯ ᠬᠢᠬᠡᠳ ᠬᠡᠷᠡᠴᠢ ᠪᠠᠷᠢᠮᠳᠠ ᠶᠢ ᠨᠠᠷᠢᠯᠢᠭ ᠬᠠᠷᠭᠤᠭᠤᠯᠤᠭᠠᠳ᠂ ᠬᠡᠷᠡᠭ ᠤᠨ ᠰᠢᠨᠵᠢ ᠴᠢᠨᠠᠷ ᠲᠤ ᠬᠦᠢᠴᠡᠳ ᠵᠠᠳᠠᠯᠤᠯᠳᠠ ᠬᠢᠭᠰᠡᠨ ᠤ ᠰᠠᠭᠤᠷᠢᠨ ᠲᠡᠬᠡᠷ᠎ᠡ ᠨᠡᠶᠢᠬᠡᠮ ᠤᠨ ᠵᠦᠷᠢᠴᠡᠯ ᠢ ᠡᠶᠡᠷᠡᠬᠦᠯᠥᠨ᠂ ︽ᠴᠦᠬᠡᠨ ᠪᠠᠷᠢᠪᠴᠢᠯᠠᠨ᠂ ᠪᠣᠯᠭᠤᠮᠵᠢᠲᠠᠢ ᠵᠠᠭᠠᠯᠳᠣᠵᠦ  ᠪᠣᠯᠭᠤᠮᠵᠢᠲᠠᠢ ᠬᠤᠷᠢᠬᠤ︾ ᠡᠷᠡᠬᠦᠦ ᠶᠢᠨ ᠬᠡᠷᠡᠭ ᠤᠨ ᠵᠠᠷᠴᠢᠮ ᠢ ᠢᠳᠡᠪᠬᠢᠳᠡᠢ ᠲᠤᠭᠤᠰᠢᠯᠠᠭᠤᠯᠬᠤ ᠡᠬᠦᠳᠡᠨ ᠠᠴᠠ ᠲᠤᠰ ᠬᠡᠷᠡᠭ ᠤᠨ ᠰᠡᠵᠢᠭᠳᠡᠨ ᠳᠤ ᠬᠠᠤᠯᠢ ᠶᠤᠰᠣᠭᠠᠷ ᠦᠯᠦ ᠵᠠᠭᠠᠯᠳᠣᠬᠤ ᠲᠤᠭᠳᠠᠭᠠᠯ ᠭᠠᠷᠭᠠᠪᠠ᠃
       ᠵᠦᠢ ᠶᠤᠰᠣᠨ ᠤ ᠬᠠᠮᠠᠭᠠᠯᠠᠯᠳᠠ ᠶᠢᠨ ᠵᠤᠷᠢᠯᠭ᠎ᠠ ᠨᠢ ᠤᠯᠤᠰ ᠤᠷᠤᠨ᠂ ᠤᠯᠠᠨ ᠨᠡᠶᠢᠳᠡ ᠶᠢᠨ ᠠᠰᠢᠭ ᠲᠤᠰᠠ᠂ ᠲᠤᠰ ᠬᠦᠮᠦᠨ ᠤ ᠪᠤᠶᠤ ᠪᠤᠰᠣᠳ ᠤᠨ ᠪᠡᠶ᠎ᠡ᠂ ᠡᠳ᠋ ᠬᠦᠷᠦᠩᠬᠡ ᠪᠠ ᠪᠤᠰᠣᠳ ᠡᠷᠬᠡ ᠶᠢ ᠶᠠᠭ ᠨᠢᠭᠤᠷᠯᠠᠵᠦ ᠪᠦᠬᠦᠢ ᠬᠠᠤᠯᠢ ᠪᠤᠰᠣ ᠬᠠᠯᠳᠠᠯᠭ᠎ᠠ ᠳᠤ ᠦᠯᠦ ᠤᠴᠠᠷᠠᠭᠤᠯᠬᠤ  ᠶᠢᠨ ᠲᠦᠯᠦᠬᠡ ᠠᠷᠠᠳ ᠢᠷᠬᠡᠳ ᠢ ᠬᠠᠤᠯᠢ ᠪᠤᠰᠣ ᠡᠳᠡᠬᠡᠳ ᠲᠠᠢ ᠠᠪᠤᠨ ᠲᠡᠮᠡᠴᠡᠬᠦ ᠶᠢ ᠵᠤᠷᠢᠭᠵᠢᠭᠤᠯᠵᠦ᠂ ᠶᠠᠯᠠᠳᠣ ᠡᠳᠡᠬᠡᠳ ᠤᠨ ᠶᠤᠰᠣ ᠪᠤᠰᠣ ᠬᠠᠯᠳᠠᠯᠭ᠎ᠠ ᠳᠤ ᠴᠤᠬᠢᠯᠳᠠ ᠦᠭᠬᠦ ᠳᠤ ᠪᠠᠶᠢᠭ᠎ᠠ ᠶᠤᠮ᠃ ᠲᠡᠷᠡ ᠨᠢ ᠬᠠᠤᠯᠢ ᠴᠠᠭᠠᠵᠠ ᠠᠴᠠ ᠠᠷᠠᠳ ᠢᠷᠬᠡᠳ ᠲᠤ ᠤᠯᠭᠤᠭᠰᠠᠨ ᠬᠠᠤᠯᠢ ᠪᠤᠰᠣ ᠬᠠᠯᠳᠠᠯᠭ᠎ᠠ ᠠᠴᠠ ᠦᠪᠡᠷ ᠪᠤᠰᠣᠳ ᠤᠨ ᠬᠠᠤᠯᠢ ᠶᠤᠰᠣᠨ ᠤ ᠡᠷᠬᠡ ᠠᠰᠢᠭ ᠢ ᠬᠠᠮᠠᠭᠠᠯᠠᠬᠤ ᠬᠦᠴᠦᠳᠦ ᠵᠡᠪᠰᠡᠭ ᠪᠤᠯᠬᠤ ᠶᠤᠮ᠃
        ᠪᠠᠶᠢᠴᠠᠭᠠᠬᠤ ᠪᠠᠶᠢᠭᠤᠯᠭ᠎ᠠ ᠨᠢ ᠵᠤᠷᠢᠭᠤᠳᠠ ᠬᠡᠮᠳᠦᠬᠡᠭᠰᠡᠨ ᠬᠡᠷᠡᠭ ᠤᠳ ᠢ ᠬᠢᠨᠠᠨ ᠪᠠᠶᠢᠴᠠᠭᠠᠬᠤ ᠦᠶᠡᠰ᠂ ᠵᠦᠪᠬᠡᠨ ᠬᠡᠷᠡᠭ ᠤᠨ ᠦᠷ᠎ᠡ ᠤᠷᠰᠢᠭ ᠢᠶᠠᠷ ᠨᠢ ᠪᠤᠰᠣ᠂ ᠬᠠᠷᠢᠨ ᠬᠡᠷᠡᠭ ᠤᠨ ᠤᠴᠢᠷ ᠰᠢᠯᠳᠠᠭᠠᠨ ᠦᠷ᠎ᠡ ᠤᠷᠰᠢᠭ ᠲᠤ ᠬᠤᠯᠪᠤᠭᠳᠠᠭᠰᠠᠨ ᠪᠦᠬᠦᠶᠢᠯᠡ ᠬᠡᠷᠡᠴᠢ ᠪᠠᠷᠢᠮᠳᠠ ᠶᠢ ᠭᠤᠤᠯᠴᠢᠯᠠᠨ ᠪᠠᠶᠢᠴᠭᠠᠵᠦ ᠬᠡᠷᠡᠭ ᠤᠨ ᠰᠡᠵᠢᠭᠳᠡᠨ ᠤ ᠶᠠᠯ᠎ᠠ ᠶᠢᠨ ᠪᠡᠶᠡᠴᠢ ᠵᠤᠷᠢᠯᠭ᠎ᠠ ᠶᠢ ᠨᠤᠳᠠᠯᠠᠨ ᠲᠤᠭᠳᠠᠭᠠᠵᠦ ᠴᠢᠳᠠᠭᠰᠠᠨ ᠡᠰᠡᠬᠦ ᠪᠠᠷ ᠨᠢ ᠶᠠᠯ᠎ᠠ ᠵᠦᠷᠢᠴᠡᠭᠰᠡᠨ ᠡᠰᠡᠬᠦ ᠶᠢ ᠨᠤᠳᠠᠯᠠᠨ ᠲᠤᠭᠳᠠᠭᠠᠬᠤ ᠪᠤᠳᠠᠳᠣ ᠦᠨᠳᠦᠰᠦᠯᠡᠯ ᠪᠤᠯᠭᠠᠬᠤ ᠨᠢ ᠵᠦᠢᠳᠡᠢ᠃ ᠢᠩᠬᠢᠮᠠᠨᠵᠢᠨ ᠰᠠᠶ᠋ᠢ ᠬᠡᠷᠡᠭ ᠤᠨ ᠰᠢᠢᠳᠦᠯᠳᠡ ᠨᠢ ᠶᠤᠰᠣᠨ ᠳᠤ ᠨᠡᠶᠢᠴᠡᠵᠦ ᠬᠠᠤᠯᠢ ᠳᠤ  ᠵᠤᠬᠢᠴᠠᠭᠠᠳ᠂ ᠠᠷᠠᠳ ᠢᠷᠬᠡᠳ ᠤᠨ ᠲᠦᠪ ᠶᠤᠰᠣ ᠶᠢ ᠡᠷᠢᠯᠬᠢᠯᠡᠭᠰᠡᠨ ᠬᠦᠰᠡᠯ ᠪᠤᠳᠣᠯ ᠳᠤ ᠲᠤᠬᠢᠷᠠᠯᠴᠠᠵᠦ᠂ ᠬᠠᠤᠯᠢ ᠴᠠᠭᠠᠵᠠ ᠶᠢᠨ ᠦᠷ᠎ᠡ ᠠᠰᠢᠭ ᠬᠢᠬᠡᠳ ᠨᠡᠶᠢᠬᠡᠮ ᠤᠨ ᠦᠷ᠎ᠡ ᠠᠰᠢᠭ ᠢ ᠬᠠᠮᠳᠣ ᠳᠤ ᠨᠢ ᠪᠡᠶᠡᠯᠡᠬᠦᠯᠵᠦ ᠴᠢᠳᠠᠨ᠎ᠠ᠃
        ᠬᠤᠶᠢᠰᠢᠳᠠ ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ ᠵᠤᠷᠢᠭᠤᠳᠠ ᠬᠡᠮᠳᠦᠬᠡᠭᠰᠡᠨ ᠬᠡᠷᠡᠭ ᠤᠳ ᠢ ᠬᠢᠨᠠᠨ ᠪᠠᠶᠢᠴᠠᠭᠠᠬᠤ ᠳᠤ ᠪᠠᠨ ᠨᠡᠩᠳᠡ ᠬᠢᠴᠢᠶᠡᠩᠬᠦᠶᠢᠯᠡᠨ᠂ ᠡᠷᠡᠬᠦᠦ ᠶᠢᠨ ᠬᠠᠤᠯᠢ ᠳᠤ ᠵᠢᠭᠠᠭᠰᠠᠨ ᠬᠠᠮᠢᠶ᠎ᠠ ᠪᠦᠬᠦᠢ ᠲᠤᠭᠳᠠᠭᠠᠯ ᠬᠢᠬᠡᠳ ᠵᠢᠯᠤᠭᠤᠳᠬᠤ ᠰᠠᠨᠠᠯ ᠪᠠᠷ ᠦᠨᠳᠦᠰᠦᠯᠡᠯ ᠪᠤᠯᠭᠠᠨ᠂ ᠬᠡᠷᠡᠭ ᠤᠨ ᠰᠢᠨᠵᠢ ᠴᠢᠨᠠᠷ ᠢ ᠤᠨᠤᠪᠴᠢᠳᠠᠢ ᠮᠠᠭᠠᠳᠯᠠᠨ ᠲᠤᠭᠳᠠᠭᠠᠵᠦ᠂ ᠬᠠᠤᠯᠢ ᠴᠠᠭᠠᠵᠠ ᠶᠢᠨ ᠡᠷᠬᠡ ᠰᠦᠷ ᠬᠢᠬᠡᠳ ᠠᠷᠠᠳ ᠢᠷᠬᠡᠳ ᠤᠨ ᠬᠤᠭᠤᠷᠤᠨᠳᠣᠬᠢ ᠢᠳᠡᠬᠡᠯᠴᠡᠭᠡ ᠶᠢ ᠴᠢᠩᠭᠠᠷᠠᠭᠤᠯᠤᠨ᠂ ᠠᠷᠠᠳ ᠢᠷᠭᠡᠳ ᠤᠨ ᠬᠠᠤᠯᠢ ᠶᠤᠰᠣᠨ ᠤ ᠡᠷᠬᠡ ᠠᠰᠢᠭ ᠢ ᠦᠨᠡᠨᠬᠦ ᠬᠠᠮᠠᠭᠠᠯᠠᠵᠦ᠂ ᠬᠠᠤᠯᠢ ᠴᠠᠭᠠᠵᠠ ᠶᠢᠨ ᠦᠷ᠎ᠡ ᠠᠰᠢᠭ ᠬᠢᠬᠡᠳ ᠨᠡᠶᠢᠬᠡᠮ ᠤᠨ ᠦᠷ᠎ᠡ ᠠᠰᠢᠭ ᠶᠢ ᠬᠠᠮᠳᠣ ᠳᠤᠨᠢ ᠪᠤᠢ ᠪᠤᠯᠭᠠᠬᠤ ᠪᠠᠷ  ᠴᠢᠷᠮᠠᠶᠢᠨ᠎ᠠ᠃
 

    
                

ᠢᠷᠡᠯᠲᠡ
ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro