ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠳᠡᠯᠡᠬᠡᠶ  ᠶᠢᠨ ᠣᠷᠴᠢᠨ ᠲᠣᠭᠣᠷᠢᠨ  ᠦ ᠡᠳᠦᠷ᠄ ᠨᠢᠭᠡ ᠤᠳᠠᠭᠠᠨ  ᠤ 《ᠣᠨᠴᠠᠭᠠᠶ 》 ᠵᠢᠷᠤᠭ   ᠤᠨ ᠤᠷᠤᠯᠳᠤᠭᠠᠨ

2023-06-25 15:56:32
ᠵᠣᠬᠢᠶᠠᠭᠴᠢ
ᠦᠵᠡᠰᠭᠦᠯᠡᠩ

 

ᠳᠡᠯᠡᠬᠡᠶ  ᠶᠢᠨ ᠣᠷᠴᠢᠨ ᠲᠣᠭᠣᠷᠢᠨ  ᠤ ᠡᠳᠦᠷ ᠬᠦᠷᠴᠦ ᠢᠷᠡᠬᠦ ᠲᠠᠰᠢᠷᠠᠮ ᠳᠤ᠂ ᠰᠢ  ᠶᠢᠨ ᠫᠢᠩ ᠶᠡᠷᠦᠩᠬᠡᠶ ᠱᠦᠵᠢ  ᠶᠢᠨ ᠠᠮᠢ ᠠᠬᠤᠶ  ᠶᠢᠨ ᠪᠣᠯᠪᠠᠰᠣᠨ  ᠤ ᠦᠵᠡᠯ ᠰᠠᠨᠠᠭ᠎ᠠ  ᠶᠢ ᠭᠦᠨᠵᠡᠭᠡᠶ ᠲᠣᠣᠱᠠᠯᠠᠭᠣᠯᠵᠣ ︽ᠠᠮᠢ ᠠᠬᠤᠶ  ᠶᠢᠨ ᠬᠠᠣᠯᠢ ᠪᠠᠷᠢᠬᠤ + ᠨᠡᠭᠦᠷᠡᠰᠦᠲᠥ᠋ᠷᠥᠭᠴᠢ  ᠶᠢᠨ ᠳᠠᠪᠬᠤᠷ ᠢᠰᠦᠯ  ᠢ ᠬᠤᠷᠠᠮᠳᠤᠭᠤᠯᠬᠤ ︾ᠠᠵᠢᠯ   ᠤᠨ ᠲᠣᠭᠲᠠᠴᠠ  ᠶᠢ ᠨᠠᠶᠢᠳᠠᠪᠣᠷᠢᠵᠢᠭᠣᠯᠬᠣ ᠶᠢᠨ ᠲᠣᠰᠠᠲᠠ᠂ ᠡᠸᠡᠩᠬᠢ ᠬᠣᠰᠢᠭᠣᠨ  ᠤ ᠪᠠᠶᠢᠴᠠᠭᠠᠬᠤ ᠬᠣᠷᠢᠶ᠎ᠠ ᠠᠴᠠ ᠬᠠᠣᠯᠢ ᠪᠠᠷ ᠵᠠᠰᠠᠬᠤ ᠳᠡᠳ᠋ ᠵᠠᠬᠢᠷᠤᠯ ᠰᠤᠷᠭᠠᠭᠤᠯᠢ  ᠶᠢᠨ ᠬᠦᠷᠢᠶᠡᠨ ᠳᠦ ᠣᠷᠣᠬᠤ  ᠴᠢᠳᠠᠪᠬᠢ  ᠢ ᠭᠦᠶᠴᠡᠳ  ᠪᠠᠳᠠᠷᠠᠭᠣᠯᠣᠨ ᠂ ᠬᠠᠣᠯᠢ ᠲᠦᠭᠡᠮᠡᠯᠵᠢᠭᠦᠯᠬᠦ ᠠᠵᠢᠯ  ᠢ ᠥᠷᠨᠢᠭᠦᠯᠬᠦ  ᠶᠢᠨ ᠬᠠᠮᠲᠤ ᠪᠣᠬᠢᠷᠲᠤᠯ ᠥᠬᠡᠶ ᠳᠣᠣᠷ᠎ᠠ ᠨᠡᠭᠦᠷᠡᠰᠦᠲᠥ᠋ᠷᠥᠭᠴᠢ ᠣᠷᠴᠢᠨ ᠠᠬᠤᠶ  ᠶᠢᠨ ᠬᠠᠮᠠᠭᠠᠯᠠᠯᠲᠠ  ᠶᠢᠨ ᠤᠨᠤᠯᠵᠢᠬᠤᠨ  ᠢ  ᠣᠬᠠᠭᠣᠯᠣᠨ ᠲᠠᠶᠢᠯᠪᠤᠷᠢᠯᠠᠵᠤ ᠂ ᠬᠣᠰᠢᠭᠣᠨ  ᠤ ᠨᠢᠭᠡᠳᠦᠭᠡᠷ ᠲᠤᠷᠰᠢᠯᠲᠠ  ᠶᠢᠨ ᠪᠠᠭ᠎ᠠ ᠰᠤᠷᠭᠠᠭᠤᠯᠢ  ᠶᠢᠨ ᠰᠤᠷᠤᠭᠴᠢᠳ  ᠢ ᠤᠷᠢᠵᠤ ︽ᠪᠣᠬᠢᠷᠲᠤᠯ ᠥᠬᠡᠶ ᠣᠷᠴᠢᠨ ᠠᠬᠤᠶ  ᠶᠢᠨ ᠬᠠᠮᠠᠭᠠᠯᠠᠯᠲᠠ᠂ ᠥᠪᠡᠷ  ᠡᠴᠡ ᠪᠡᠨ  ᠲᠡᠷᠢᠭᠦᠯᠦᠨ ᠬᠢᠬᠦ︾ ᠭᠣᠣᠯ ᠰᠡᠳᠦᠪᠲᠦ ᠵᠢᠷᠤᠭ  ᠤᠨ ᠤᠷᠤᠯᠳᠤᠭᠠᠨ ᠥᠷᠨᠢᠭᠦᠯᠪᠡ ᠃

 

                   

ᠤᠷᠤᠯᠳᠤᠭᠠᠨ  ᠳᠤ᠂ ᠰᠤᠷᠤᠭᠴᠢᠳ ᠥᠪᠡᠷ  ᠤᠨ ᠨᠢᠳᠦᠨ ᠳᠡᠬᠢ ︽ᠪᠣᠬᠢᠷᠲᠤᠯ ᠥᠬᠡᠶ︾ ᠶᠢᠷᠲᠢᠨᠴᠦ ᠂  ᠥᠪᠡᠷ ᠦᠨ ᠪᠣᠳᠣᠯ ᠳᠠᠬᠢ ︽ᠣᠷᠴᠢᠨ ᠠᠬᠤᠶ  ᠶᠢᠨ ᠬᠠᠮᠠᠭᠠᠯᠠᠯᠲᠠ︾᠂ ᠬᠦᠰᠡᠨ ᠮᠥᠷᠥᠭᠡᠳᠴᠦ ᠪᠠᠶᠢᠭ᠎ᠠ ︽ᠣᠷᠴᠢᠨ ᠲᠣᠭᠣᠷᠢᠨ︾ ᠵᠡᠷᠭᠡ ᠪᠡᠨ ᠵᠢᠷᠤᠭᠯᠠᠵᠤ ᠂ ᠨᠡᠶᠢᠲᠡ 70 ᠭᠠᠷᠤᠶ ᠵᠢᠷᠣᠭ  ᠤᠨ ᠪᠦᠲᠦᠭᠡᠯ ᠡᠯᠰᠡᠵᠦ ᠂ ᠤᠷᠤᠯᠳᠤᠭᠠᠨ ᠳᠤ ᠣᠷᠣᠯᠴᠠᠭᠰᠠᠨ ᠪᠦᠲᠦᠭᠡᠯ ᠡᠴᠡ ᠨᠢᠭᠡ ᠠᠴᠠ ᠭᠤᠷᠪᠠᠳᠤᠭᠠᠷ ᠳᠡᠰ  ᠤᠨ ᠱᠠᠩᠨᠠᠯ ᠵᠢᠴᠢ ᠰᠢᠯᠢᠳᠡᠭ ᠱᠠᠩᠨᠠᠯ  ᠵᠡᠷᠭᠡ ᠢ  ᠰᠢᠯᠭᠠᠷᠠᠭᠤᠯᠤᠨ ᠬᠦᠬᠢᠬᠦᠯᠪᠡ᠃ ᠤᠷᠤᠯᠳᠤᠭᠠᠨ ᠳᠠᠭᠤᠰᠤᠭᠰᠠᠨ  ᠤ ᠳᠠᠷᠠᠭ᠎ᠠ᠂ ᠰᠤᠷᠤᠭᠴᠢᠳ ᠠᠴᠠ ᠡᠨᠡ ᠤᠳᠠᠭᠠᠨ  ᠤ ᠵᠢᠷᠤᠭ  ᠦᠨ ᠤᠷᠤᠯᠳᠤᠭᠠᠨ ᠮᠠᠰᠢ ᠤᠳᠬ᠎ᠠ ᠠᠭᠤᠯᠭ᠎ᠠ ᠲᠠᠶ᠂ ᠣᠲᠣ   ᠠᠴᠠ  ᠪᠠᠨ ᠡᠬᠢᠯᠡᠨ ᠳᠡᠷᠭᠡᠳᠡᠬᠢ ᠬᠥᠮᠦᠰ  ᠢᠶᠡᠨ  ᠳᠠᠭᠠᠭᠣᠯᠣᠨ ᠣᠷᠴᠢᠨ ᠠᠬᠤᠶ  ᠶᠢᠨ ᠬᠠᠮᠠᠭᠠᠯᠠᠯᠲᠠ  ᠢ ᠠᠩᠬᠠᠷᠴᠣ ᠂  ᠬᠠᠣᠯᠢ  ᠳᠦᠷᠢᠮ  ᠶᠢ ᠰᠠᠬᠢᠬᠤ  ᠶᠢ ᠡᠷᠬᠢᠮᠯᠡᠨ᠎ᠡ ᠭᠡᠵᠦ ᠢᠯᠡᠳᠬᠡᠵᠡᠭᠡᠪᠡ᠃

 

ᠨᠢᠭᠡᠳᠦᠭᠡᠷ ᠳᠡᠰ

                    

ᠬᠣᠶᠠᠳᠣᠭᠠᠷ ᠳᠡᠰ  

       

ᠭᠣᠷᠪᠠᠳᠣᠭᠠᠷ ᠳᠡᠰ     

 

ᠲᠣᠰ ᠤᠳᠠᠭᠠᠨ  ᠤ ᠣᠨᠴᠠᠭᠠᠶ ᠵᠢᠷᠤᠭ  ᠤᠨ ᠤᠷᠤᠯᠳᠤᠭᠠᠨ ᠨᠢ ᠰᠣᠷᠣᠭᠴᠢᠳ ᠲᠤ ︽ᠬᠠᠣᠯᠢ ᠪᠠᠷ ᠵᠠᠰᠠᠬᠤ ᠪᠠ ᠣᠷᠴᠢᠨ ᠠᠬᠤᠶ  ᠶᠢ ᠬᠠᠮᠠᠭᠠᠯᠠᠬᠤ ︾ ᠳᠠᠪᠬᠤᠷ ᠰᠤᠷᠭᠠᠨ  ᠬᠦᠮᠦᠵᠢᠯ ᠤᠨ ᠬᠥᠲᠥᠯᠥᠨ ᠵᠢᠯᠣᠭᠣᠳᠬᠤ ᠦᠶᠯᠡᠳᠦᠯ ᠦᠵᠡᠭᠦᠯᠪᠡ᠃ ᠬᠣᠶᠢᠰᠢᠳᠠ ᠡᠸᠡᠩᠬᠢ ᠬᠣᠰᠢᠭᠣᠨ ᠤ ᠪᠠᠶᠢᠴᠠᠭᠠᠬᠤ ᠬᠣᠷᠢᠶ᠎ᠠ ᠪᠠᠶᠢᠴᠠᠭᠠᠬᠤ ᠬᠢᠨᠠᠯᠲᠠ ᠲᠠᠯᠪᠢᠬᠤ ᠡᠭᠦᠷᠭᠡ ᠴᠢᠳᠠᠪᠤᠷᠢ ᠪᠠᠨ ᠦᠷᠭᠦᠯᠵᠢᠯᠡᠨ ᠪᠠᠳᠠᠷᠠᠭᠤᠯᠵᠤ ᠂ ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠲᠠ ᠮᠥᠩᠭᠥᠨ ᠠᠭᠤᠯᠠ ᠮᠥᠨ ᠭᠡᠬᠦ   ᠤᠨᠤᠯᠵᠢᠬᠤᠨ  ᠢ ᠦᠷᠭᠦᠯᠵᠢᠯᠡᠨ ᠦᠶᠯᠡᠳᠦᠯᠭᠡᠵᠢᠭᠦᠯᠵᠦ ᠂ ᠬᠥᠮᠦᠨ ᠪᠠᠶᠢᠭᠠᠯᠢ  ᠶᠢᠨ ᠡᠶ᠎ᠡ ᠵᠣᠬᠢᠴᠠᠯ ᠲᠠᠶ ᠪᠠᠷ ᠬᠠᠮᠲᠤ ᠣᠷᠣᠰᠢᠬᠤ ᠣᠳᠣᠬᠢᠴᠢᠯᠠᠯᠲᠠ ᠵᠢᠨ ᠪᠥᠲᠥᠭᠡᠨ ᠪᠠᠶᠢᠭᠣᠯᠣᠯᠲᠠ ᠳᠤ ᠪᠠᠶᠢᠴᠠᠭᠠᠬᠤ ᠬᠦᠴᠦᠨ  ᠢᠶᠡᠷ ᠬᠣᠪᠢ ᠨᠡᠮᠡᠷᠢᠯᠡᠨ᠎ᠡ᠃

ᠢᠷᠡᠯᠲᠡ
ᠡᠸᠡᠩᠬᠢ ᠬᠣᠰᠢᠭᠣᠨ  ᠤ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro