ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠡᠸᠡᠩᠬᠢ ᠬᠣᠰᠢᠭᠤᠨ  ᠤ ᠪᠠᠶᠢᠴᠠᠭᠠᠬᠤ ᠬᠣᠷᠢᠶ᠎ᠠ ᠨᠢ ︽ᠨᠡᠶᠢᠭᠡᠮ ᠲᠣᠭᠣᠷᠢᠭ  ᠦᠨ ᠵᠠᠰᠠᠮᠵᠢᠯᠠᠯ   ᠶᠢᠨ ᠬᠠᠸᠯᠢ︾ ᠶᠢ ᠬᠡᠷᠡᠭᠵᠢᠭᠦᠯᠦᠭᠰᠡᠨ ᠭᠤᠷᠪᠠᠨ ᠵᠢᠯ  ᠦᠨ ᠣᠶ   ᠶᠢ ᠲᠣᠬᠢᠶᠠᠯᠳᠣᠭᠣᠯᠣᠨ ᠬᠠᠸᠯᠢ ᠲᠦᠭᠡᠮᠡᠯᠵᠢᠭᠦᠯᠬᠦ ᠤᠬᠠᠭᠤᠯᠭ᠎ᠠ  ᠶᠢᠨ ᠠᠵᠢᠯᠯᠠᠭ᠎ᠠ ᠶᠢ ᠥᠷᠨᠢᠭᠦᠯᠪᠡ

2023-07-20 14:52:21
ᠵᠣᠬᠢᠶᠠᠭᠴᠢ
ᠦᠵᠡᠰᠭᠦᠯᠡᠩ

 

ᠣᠯᠠᠨ ᠨᠡᠶᠢᠲᠡ  ᠶᠢᠨ ︽ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠬᠠᠸᠯᠢ ︾  ᠶᠢᠨ ᠲᠤᠬᠠᠶ ᠲᠠᠨᠢᠯᠲᠠ ᠪᠠ ᠣᠶᠢᠯᠠᠭᠠᠯᠲᠠ ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ  ᠶᠢᠨ ᠲᠥᠯᠥᠭᠡ ᠂ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠬᠠᠸᠯᠢ ︾ ᠶᠢ ᠬᠡᠷᠡᠭᠵᠢᠭᠦᠯᠦᠭᠰᠡᠨ ᠭᠤᠷᠪᠠᠨ ᠵᠢᠯ  ᠤᠨ ᠣᠶ  ᠶᠢᠨ ᠲᠠᠰᠢᠷᠠᠮ  ᠳᠦ ᠂ ᠡᠸᠡᠩᠬᠢ ᠬᠣᠰᠢᠭᠤᠨ  ᠤ ᠪᠠᠶᠢᠴᠠᠭᠠᠬᠤ ᠬᠣᠷᠢᠶ᠎ᠠ ᠨᠢ ᠬᠣᠰᠢᠭᠤᠨ  ᠦ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠵᠥᠪᠯᠡᠯ  ᠲᠡᠶ ᠬᠠᠮᠲᠤᠷᠠᠨ ᠬᠣᠰᠢᠭᠤᠨ  ᠤ ᠦᠨᠳᠦᠰᠦᠲᠡᠨ  ᠤᠨ ᠠᠷᠠᠯᠵᠢᠶ᠎ᠠ ᠬᠤᠳᠠᠯᠳᠤᠭᠠᠨ  ᠦ ᠲᠠᠯᠠᠪᠤᠷ ᠲᠤ ︽ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠬᠠᠸᠯᠢ ︾  ᠶᠢᠨ ᠤᠬᠠᠭᠤᠯᠭ᠎ᠠ  ᠶᠢᠨ ᠠᠵᠢᠯᠯᠠᠭ᠎ᠠ ᠥᠷᠨᠢᠭᠦᠯᠪᠡ ᠃

  

 

ᠤᠬᠠᠭᠤᠯᠭ᠎ᠠ  ᠶᠢᠨ ᠠᠵᠢᠯᠯᠠᠭ᠎ᠠ  ᠶᠢᠨ ᠲᠤᠬᠠᠢ  ᠶᠢᠨ ᠲᠠᠯᠠᠪᠠᠢ ᠳᠤ ᠬᠥᠨᠳᠡᠯᠡᠨ ᠪᠢᠴᠢᠭᠡᠰᠦ ᠡᠯᠭᠦᠬᠦ᠂ ᠤᠬᠠᠭᠤᠯᠭ᠎ᠠ  ᠶᠢᠨ  ᠮᠠᠲ᠋ᠧᠷᠢᠶᠠᠯ  ᠪᠠ ᠵᠢᠵᠢᠭ ᠪᠡᠯᠡᠭ ᠰᠡᠯᠲᠡ ᠲᠠᠷᠬᠠᠭᠠᠬᠤ ᠵᠡᠷᠭᠡ ᠤᠯᠠᠨ ᠲᠠᠯ᠎ᠠ ᠪᠠᠷ ᠤᠬᠠᠭᠤᠯᠭ᠎ᠠ  ᠶᠢᠨ ᠴᠡᠭ ᠲᠤᠬᠢᠷᠠᠭᠤᠯᠵᠠᠢ᠃ ᠪᠠᠶᠢᠴᠠᠭᠠᠬᠤ ᠠᠵᠢᠯᠲᠠᠨ ᠬᠤᠳᠠᠯᠳᠤᠭᠠᠨ  ᠤ ᠡᠭᠦᠳᠡᠨ  ᠡᠮᠦᠨᠡᠬᠢ ᠠᠭᠤᠳᠠᠮ ᠲᠠᠯᠠᠪᠠᠶ  ᠳᠤ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠬᠠᠸᠯᠢ  ᠶᠢᠨ ᠦᠨᠳᠦᠰᠦᠨ ᠠᠭᠤᠯᠭ᠎ᠠ ᠂ ᠨᠡᠶᠢᠭᠡᠮ ᠲᠣᠭᠣᠷᠢᠭ  ᠤᠨ ᠵᠠᠯᠠᠷᠠᠭᠤᠯᠬᠤ ᠡᠲᠡᠭᠡᠳ  ᠤᠨ ᠠᠩᠬᠠᠷᠬᠤ ᠵᠦᠶᠯ ᠵᠢᠴᠢ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠪᠠᠶᠢᠭᠤᠯᠭ᠎ᠠ ᠶᠢᠨ ᠡᠭᠦᠷᠭᠡ ᠬᠠᠷᠢᠭᠤᠴᠠᠯᠭ᠎ᠠ ᠵᠡᠷᠭᠡ ᠮᠡᠳᠡᠯᠭᠡ ᠶᠢ ᠬᠣᠲᠠ  ᠲᠣᠭᠣᠷᠢᠭ ᠶᠢᠨ  ᠰᠠᠭᠣᠭᠠᠯᠢ ᠠᠷᠠᠳ  ᠳᠤ ᠨᠠᠷᠢᠯᠢᠭ ᠲᠠᠨᠢᠯᠴᠠᠭᠤᠯᠪᠠ ᠃

  

 

ᠲᠣᠰ ᠤᠳᠠᠭᠠᠨ  ᠤ ᠤᠬᠠᠭᠤᠯᠭ᠎ᠠ  ᠶᠢᠨ ᠠᠵᠢᠯᠯᠠᠭ᠎ᠠ ᠨᠢ ᠤᠯᠠᠨ  ᠶᠠᠩᠵᠦ  ᠶᠢᠨ ᠬᠡᠯᠪᠡᠷᠢ ᠪᠠ ᠵᠠᠭᠤᠴᠢᠯᠠᠭᠤᠷ  ᠢᠶᠡᠷ ᠳᠠᠮᠵᠢᠭᠤᠯᠤᠨ ᠂ ᠨᠠᠩ ᠣᠯᠠᠨ ᠬᠣᠲᠠ  ᠶᠢᠨ ᠠᠷᠠᠳ ᠲᠤ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠠᠵᠢᠯ  ᠤᠨ ᠴᠢᠬᠤᠯᠠ ᠴᠢᠨᠠᠷ  ᠢ ᠣᠶᠢᠯᠠᠭᠠᠭᠤᠯᠵᠤ ᠂ ᠲᠡᠳᠡᠨ  ᠤ ᠬᠠᠸᠯᠢ ᠴᠠᠭᠠᠵᠠ  ᠶᠢᠨ ᠦᠵᠡᠯ ᠤᠬᠠᠮᠰᠠᠷ ᠪᠠ ᠬᠠᠸᠯᠢ ᠴᠠᠭᠠᠵᠠ  ᠶᠢᠨ ᠬᠡᠪ ᠴᠢᠨᠠᠷ  ᠢ ᠳᠡᠭᠡᠭᠰᠢᠯᠡᠭᠦᠯᠦᠨ ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠠᠵᠢᠯ  ᠤᠨ ᠵᠢᠷᠤᠮᠵᠢᠯ ᠲᠠᠶ ᠂ ᠰᠢᠨᠵᠢᠯᠡᠬᠦ ᠤᠬᠠᠭᠠᠨᠴᠢ ᠂ ᠪᠦᠲᠦᠮᠵᠢᠲᠡᠶ ᠥᠷᠨᠢᠬᠦ ᠶᠢ ᠬᠠᠮᠲᠤ ᠪᠠᠷ ᠠᠬᠢᠭᠤᠯᠬᠤ  ᠶᠢᠨ ᠲᠥᠯᠥᠭᠡ ᠶᠤᠮ ᠃    

ᠲᠣᠰ ᠤᠳᠠᠭᠠᠨ  ᠤ ᠤᠬᠠᠭᠤᠯᠭ᠎ᠠ ᠪᠠᠷ  ᠲᠠᠮᠵᠢᠨ ᠂ ︽ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠬᠠᠸᠯᠢ ︾  ᠶᠢᠨ ᠲᠠᠶᠢᠯᠤᠮᠵᠢ  ᠶᠢᠨ ᠭᠠᠷ ᠳᠡᠪᠲᠡᠷ  ᠢ ᠨᠡᠶᠢᠲᠡ 200 ᠭᠠᠷᠤᠶ ᠬᠤᠪᠢ ᠲᠠᠷᠬᠠᠭᠠᠵᠤ ᠂ ᠣᠯᠠᠨ ᠲᠦᠮᠡᠨ  ᠤ ᠠᠰᠠᠭᠤᠨ ᠯᠠᠪᠯᠠᠭᠰᠠᠨ  ᠠᠰᠠᠭᠣᠯᠲᠠ  ᠶᠢ 5 ᠭᠠᠷᠤᠶ ᠤᠳᠠᠭ᠎ᠠ ᠲᠠᠶᠢᠯᠪᠤᠷᠢᠯᠠᠨ ᠥᠭᠪᠡ᠃ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠬᠠᠤᠯᠢ  ᠶᠢᠨ ᠦᠨᠳᠦᠰᠦᠨ ᠠᠭᠤᠯᠭ᠎ᠠ ᠪᠠ ᠬᠡᠷᠡᠭᠵᠢᠭᠦᠯᠦᠭᠰᠡᠨ ᠪᠠᠶᠢᠳᠠᠯ  ᠢ  ᠪᠦᠬᠦ ᠲᠠᠯ᠎ᠠ ᠪᠠᠷ ᠤᠬᠠᠭᠤᠯᠤᠨ ᠲᠦᠭᠡᠮᠡᠯᠵᠢᠭᠦᠯᠵᠦ᠂ ᠬᠣᠲᠠ  ᠲᠣᠭᠣᠷᠢᠭ ᠶᠢᠨ  ᠰᠠᠭᠣᠭᠠᠯᠢ ᠠᠷᠠᠳ ᠶᠢᠨ ᠨᠡᠶᠢᠭᠡᠮ ᠲᠣᠭᠣᠷᠢᠭ   ᠤᠨ ᠵᠠᠰᠠᠮᠵᠢᠯᠠᠯ ᠤᠨ ᠠᠵᠢᠯ  ᠤᠨ ᠲᠤᠬᠠᠶ ᠲᠠᠨᠢᠯᠲᠠ ᠪᠠ ᠣᠶᠢᠯᠠᠭᠠᠯᠲᠠ ᠶᠢ ᠢᠯᠡᠳᠲᠡ ᠳᠡᠭᠡᠭᠰᠢᠯᠡᠭᠦᠯᠵᠦ᠂ ᠢᠳᠡᠪᠬᠢᠲᠡᠶ ᠳᠤᠰᠬᠠᠯ ᠣᠯᠤᠭᠰᠠᠨ  ᠪᠠᠶᠢᠨ᠎ᠠ᠃      

ᠲᠠᠷᠠᠭᠠᠴᠢ  ᠶᠢᠨ ᠠᠯᠬᠤᠮ  ᠳᠤ ᠡᠸᠡᠩᠬᠢ ᠬᠣᠰᠢᠭᠤᠨ  ᠤ ᠪᠠᠶᠢᠴᠠᠭᠠᠬᠤ ᠬᠣᠷᠢᠶ᠎ᠠ ᠨᠢ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠬᠠᠸᠯᠢ  ᠶᠢᠨ ᠤᠬᠠᠭᠤᠯᠭ᠎ᠠ ᠪᠠ ᠲᠦᠭᠡᠮᠡᠯᠵᠢᠭᠦᠯᠦᠯᠲᠡ ᠶᠢ ᠦᠷᠭᠦᠯᠵᠢᠯᠡᠨ ᠴᠢᠩᠭᠠᠳᠬᠠᠵᠤ ᠂ ᠪᠠᠶᠢᠴᠠᠭᠠᠬᠤ ᠬᠢᠨᠠᠯᠲᠠ  ᠶᠢᠨ ᠴᠢᠨᠠᠷ ᠴᠢᠨᠰᠠᠭ᠎ᠠ ᠦᠷ᠎ᠡ ᠪᠦᠲᠦᠮᠵᠢ ᠶᠢ ᠴᠢᠩᠭᠠᠷᠠᠭᠤᠯᠤᠨ ᠂ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠪᠣᠳᠠᠲᠤ ᠦᠷ᠎ᠡ ᠪᠦᠲᠦᠮᠵᠢ ᠶᠢ ᠳᠡᠭᠡᠭᠰᠢᠯᠡᠭᠦᠯᠵᠦ ᠂ ᠠᠷᠠᠳ ᠣᠯᠠᠨ  ᠤ  ᠬᠠᠸᠯᠢ  ᠴᠠᠭᠠᠵᠠ  ᠶᠢ  ᠵᠢᠷᠣᠮᠯᠠᠬᠣ  ᠤᠬᠠᠮᠰᠠᠷ  ᠪᠠ ᠴᠢᠳᠠᠪᠤᠷᠢ ᠶᠢ ᠴᠢᠩᠭᠠᠷᠠᠭᠤᠯᠵᠤ ᠂ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠠᠵᠢᠯ  ᠤᠨ ᠰᠢᠨ᠎ᠡ ᠳᠦᠷᠰᠦ ᠪᠠᠶᠢᠳᠠᠯ  ᠢ  ᠪᠣᠢ ᠪᠣᠯᠭᠠᠵᠦ ᠂ ᠰᠢᠨ᠎ᠡ  ᠨᠢᠭᠡᠨ ᠳᠡᠭᠲᠡᠷ ᠲᠦ ᠭᠠᠷᠬᠤ  ᠪᠠᠷ ᠬᠦᠴᠦᠯᠡᠨ᠎ᠡ ᠃

ᠢᠷᠡᠯᠲᠡ
ᠡᠸᠡᠩᠬᠢ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro