ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠪᠠᠶᠢᠴᠠᠭᠠᠬᠤ ᠪᠠ  ᠰᠢᠭᠦᠬᠦ ᠶᠢᠨ ᠨᠡᠶᠢᠯᠡᠮᠡᠯ ᠬᠦᠴᠦᠨ ᠢ ᠨᠢᠭᠲᠠᠷᠠᠭᠤᠯᠵᠤ ᠂ ᠮᠠᠷᠭᠤᠯᠳᠤᠭᠠᠨ ᠢ  ᠰᠢᠢᠳᠪᠦᠷᠢᠯᠡᠬᠦ ᠪᠡᠷ ᠳᠠᠮᠵᠢᠨ ᠬᠣᠲᠠ   ᠶᠢᠨ  ᠬᠡᠪᠴᠢᠶᠡᠨ  ᠤ ᠨᠡᠶᠢᠭᠡᠮ ᠦᠨ ᠵᠠᠰᠠᠯᠲᠠ ᠶᠢᠨ ᠣᠳᠣᠬᠢᠴᠢᠯᠠᠯᠲᠠ  ᠶᠢ ᠲᠦᠯᠬᠢᠨ ᠠᠭᠢᠭᠤᠯᠤᠨᠠᠮ

2023-09-21 17:48:17
ᠵᠣᠬᠢᠶᠠᠭᠴᠢ
ᠣᠳᠤᠨ

ᠣᠶᠢᠷ᠎ᠠ ᠳᠤ ᠂ ᠡᠸᠡᠩᠬᠢ ᠬᠣᠰᠢᠭᠤᠨ ᠤ ᠪᠠᠶᠢᠴᠠᠭᠠᠬᠤ ᠬᠣᠷᠢᠶ᠎ᠠ ᠬᠢᠭᠡᠳ ᠡᠸᠡᠩᠬᠢ ᠬᠣᠰᠢᠭᠤᠨ ᠤ ᠰᠢᠭᠦᠬᠦ ᠬᠣᠷᠢᠶ᠎ᠠ ᠪᠤᠰᠤᠳ ᠤᠨ ᠨᠡᠷ᠎ᠡ ᠶᠢ ᠬᠠᠭᠤᠷᠮᠠᠭᠯᠠᠨ ᠬᠡᠷᠡᠭᠯᠡᠭᠰᠡᠨ ᠣᠷᠣᠭ ᠤᠨ ᠪᠦᠷᠢᠳᠬᠡᠯ ᠦᠨ ᠵᠠᠰᠠᠭ ᠵᠠᠬᠢᠷᠭᠠᠨ ᠤ ᠵᠠᠷᠭᠤ ᠶᠢᠨ ᠬᠡᠷᠡᠭ ᠢ ᠦᠨᠡᠨ ᠪᠣᠳᠠᠲᠠᠶ ᠪᠠᠷ ᠰᠢᠶᠳᠪᠦᠷᠢᠯᠡᠬᠦ ᠠᠵᠢᠯ ᠢ ᠬᠦᠴᠦ ᠪᠡᠨ ᠬᠠᠮᠲᠤᠳᠬᠠᠨ ᠳᠥᠯᠭᠢᠨ ᠠᠬᠢᠭᠤᠯᠵᠤ ᠪᠠᠶᠢᠨ᠎ᠠ ᠂ ᠡᠨᠡ ᠪᠣᠯ ᠡᠸᠡᠩᠬᠢ ᠬᠣᠰᠢᠭᠤᠨ ᠤ ᠪᠠᠶᠢᠴᠠᠭᠠᠬᠤ ᠬᠣᠷᠢᠶ᠎ᠠ ᠬᠢᠭᠡᠳ ᠡᠸᠡᠩᠬᠢ ᠬᠣᠰᠢᠭᠤᠨ ᠤ ᠰᠢᠭᠦᠬᠦ ᠬᠣᠷᠢᠶ᠎ᠠ ︽ ᠬᠠᠸᠯᠢ ᠴᠠᠭᠠᠵᠠ ᠶᠢᠨ ᠬᠢᠨᠠᠯᠲᠠ ᠲᠠᠯᠪᠢᠬᠤ ᠪᠠ ᠬᠠᠮᠵᠢᠯᠴᠠᠨ ᠬᠠᠮᠵᠢᠯᠴᠠᠬᠤ ᠠᠯᠪᠠᠨ ᠬᠡᠷ ︾ ᠪᠠᠶᠢᠭᠤᠯᠤᠭᠰᠠᠨ ᠠᠴᠠ ᠨᠠᠰᠢ ᠬᠦᠴᠦ ᠪᠡᠨ ᠬᠠᠮᠲᠤᠳᠬᠠᠨ ᠰᠢᠶᠳᠪᠦᠷᠢᠯᠡᠭᠰᠡᠨ ᠠᠩᠬᠠᠳᠠᠭᠴᠢ ᠵᠠᠰᠠᠭ ᠵᠠᠬᠢᠷᠭᠠᠨ ᠤ ᠮᠠᠷᠭᠤᠯᠳᠤᠭᠠᠨ ᠤ ᠬᠡᠷᠡᠭ ᠪᠣᠯᠤᠨ᠎ᠠ ᠃

      2007 ᠣᠨ  ᠳᠦ᠂ ᠯᠢ ᠭᠠᠩ ( ᠪᠤᠷᠤᠭᠤᠯᠠᠭᠰᠠᠨ ᠨᠡᠷ᠎ᠡ ) ᠡᠮᠡᠭᠲᠡᠶ ᠨᠠᠶᠢᠵᠠ ᠰᠢᠶᠤᠤ ᠯᠢ ( ᠪᠤᠷᠤᠭᠤᠯᠠᠭᠰᠠᠨ ᠨᠡᠷ᠎ᠡ ) ᠨᠢ ᠬᠠᠤᠯᠢ ᠳᠤ ᠲᠣᠭᠲᠠᠭᠠᠭᠰᠠᠨ ᠤᠷᠤᠭ ᠤᠨ ᠪᠦᠷᠢᠳᠬᠡᠭᠦᠯᠦᠯᠲᠡ ᠶᠢᠨ ᠨᠠᠰᠤᠨ ᠳᠤ ᠬᠦᠷᠦᠭᠰᠡᠨ ᠦᠭᠡᠶ ᠡᠴᠡ ᠪᠣᠯᠵᠤ ᠂ ᠰᠢᠶᠤᠤ ᠯᠢ ᠶᠢᠨ ᠡᠭᠡᠴᠢ ᠰᠢᠶᠤᠤ ᠹᠠᠩ ( ᠪᠤᠷᠤᠭᠤᠯᠠᠭᠰᠠᠨ ᠨᠡᠷ᠎ᠡ ) ᠤᠨ ᠡᠷᠦᠬᠡ ᠠᠮᠠ ᠶᠢᠨ ᠳᠠᠩᠰᠠᠨ ᠤ ᠮᠡᠳᠡᠭᠡ ᠵᠠᠩᠭᠢ  ᠶᠢ ᠬᠠᠭᠤᠷᠮᠠᠭᠯᠠᠨ ᠬᠡᠷᠡᠭᠯᠡᠵᠦ ᠤᠷᠤᠭ ᠤᠨ ᠪᠦᠷᠢᠳᠬᠡᠭᠦᠯᠦᠯᠲᠡ ᠬᠢᠵᠡᠶ ᠃ ᠰᠢᠶᠤᠤ ᠹᠠᠩ 2008 ᠣᠨ ᠳᠤ ᠲᠤᠰ ᠪᠠᠶᠢᠳᠠᠯ ᠢ ᠮᠡᠳᠡᠭᠰᠡᠨ ᠦ ᠳᠠᠷᠠᠭ᠎ᠠ ᠰᠤᠮᠤᠨ ᠤ ᠪᠠᠨ ᠤᠷᠤᠭ ᠤᠨ ᠪᠦᠷᠢᠳᠬᠡᠯ ᠦᠨ ᠰᠠᠯᠠᠭ᠎ᠠ ᠮᠥᠴᠢᠷ ᠲᠦ ᠲᠤᠰᠬᠠᠵᠤ᠂ ᠰᠢᠶᠳᠪᠦᠷᠢᠯᠡᠭᠦᠯᠬᠦ ᠪᠡᠷ ᠱᠠᠭᠠᠷᠳᠠᠵᠠᠶ᠃ ᠳᠠᠷᠠᠭ᠎ᠠ ᠵᠢᠯ ᠨᠢ ᠰᠢᠶᠤᠤ ᠹᠠᠩ ᠤᠷᠤᠭᠯᠠᠬᠤ ᠦᠶ᠎ᠡ ᠳᠦ ᠤᠷᠤᠭᠯᠠᠭᠠᠳᠤᠶ ᠪᠠᠶᠢᠳᠠᠯ ᠢᠯᠡᠷᠡᠭᠰᠡᠨ ᠪᠣᠯᠬᠣᠷ ᠭᠡᠷ ᠦᠨ ᠬᠥᠮᠦᠰ ᠨᠢ ᠡᠨᠡ ᠤᠴᠢᠷ ᠢ ᠰᠠᠨᠠᠭᠠᠨ ᠳᠠᠭᠠᠨ ᠠᠪᠤᠭᠰᠠᠨ ᠦᠭᠡᠶ ᠃ ᠠᠷᠪᠠ ᠭᠠᠷᠤᠶ ᠵᠢᠯ ᠦᠨ ᠲᠠᠷᠠᠭ᠎ᠠ᠂ ᠰᠢᠶᠤᠤ ᠹᠠᠩ ᠰᠦᠯᠵᠢᠶᠡᠨ ᠳᠡᠭᠡᠷᠡᠬᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠦ ᠲᠠᠪᠴᠠᠩ ᠢ ᠬᠡᠷᠡᠭᠯᠡᠨ ᠵᠥᠭᠡᠯᠡᠨ ᠲᠤᠨᠤᠭ ᠢ ᠪᠠᠶᠢᠴᠠᠭᠠᠨ ᠯᠠᠪᠯᠠᠬᠤ ᠦᠶ᠎ᠡ ᠳᠦ᠂ ᠥᠬᠢᠨ ᠳᠡᠭᠦᠦ ᠶᠢᠨ ᠬᠢᠨᠢ ᠬᠡᠦᠬᠡᠳ ᠦᠨ ᠬᠢᠨᠢ ᠮᠡᠳᠡᠭᠡ ᠵᠠᠩᠭᠢ ᠨᠢ ᠴᠥᠮ ᠲᠡᠭᠦᠨ ᠦ ᠨᠡᠷ᠎ᠡ ᠳᠡᠭᠡᠷ᠎ᠡ ᠪᠠᠶᠢᠬᠤ ᠶᠢ ᠣᠯᠵᠤ ᠮᠡᠳᠡᠭᠡᠳ ᠨᠢᠭᠡ ᠭᠡᠷ ᠢᠶᠡᠷ ᠢᠶᠡᠨ ᠬᠣᠯᠪᠣᠭᠳᠠᠯ ᠪᠦᠬᠦᠢ ᠰᠠᠯᠠᠭ᠎ᠠ ᠮᠥᠴᠢᠷ ᠲᠦ ᠲᠤᠰᠬᠠᠵᠤ᠂ ᠤᠷᠤᠭ ᠤᠨ ᠪᠦᠷᠢᠳᠬᠡᠯ ᠢ ᠬᠦᠴᠦᠨ ᠦᠭᠡᠢ ᠪᠣᠯᠭᠠᠬᠤ ᠪᠠᠷ  ᠱᠠᠭᠠᠷᠳᠠᠭᠠᠳ ᠦᠷ᠎ᠡ ᠳ᠋ᠦᠩ ᠦᠭᠡᠢ  ᠪᠣᠯᠬᠤᠷ᠂ ᠡᠸᠡᠩᠬᠢ ᠬᠣᠰᠢᠭᠤᠨ ᠤ ᠰᠢᠭᠦᠬᠦ ᠬᠣᠷᠢᠶᠠᠨ ᠳᠤ ᠵᠠᠰᠠᠭ ᠵᠠᠬᠢᠷᠭᠠᠨ ᠤ ᠵᠠᠷᠭᠤ ᠬᠢᠬᠦ ᠪᠡᠷ ᠱᠠᠭᠠᠷᠳᠠᠵᠠᠶ᠃ᠲᠤᠰ ᠬᠡᠷᠡᠭ ᠨᠢᠭᠡᠨᠲᠡ ᠵᠠᠷᠭᠤ ᠶᠢᠨ ᠬᠦᠴᠦᠨ ᠲᠡᠶ ᠬᠤᠭᠤᠴᠠᠭ᠎ᠠ ᠠᠴᠠ ᠥᠩᠭᠡᠷᠡᠭᠰᠡᠨ ᠪᠣᠯᠬᠤᠷ ᠰᠢᠭᠦᠬᠦ ᠬᠣᠷᠢᠶ᠎ᠠ ᠵᠥᠪᠬᠡᠨ ᠲᠡᠭᠦᠨ ᠦ ᠵᠠᠷᠭᠤ ᠶᠢᠨ ᠭᠤᠶᠤᠴᠢᠯᠠᠯ ᠢ ᠨᠢᠴᠤᠭᠠᠬᠤ ᠲᠣᠭᠲᠠᠭᠠᠯᠲᠠ ᠭᠠᠷᠭᠠᠵᠤ ᠪᠣᠯᠤᠨ᠎ᠠ᠃  

ᠲᠤᠰ ᠲᠥᠷᠥᠯ ᠦᠨ ᠬᠡᠷᠡᠭ ᠢ ᠳᠡᠭᠡᠭᠰᠢ ᠵᠠᠭᠠᠯᠳᠤᠬᠤ ᠪᠤᠶᠤ ᠳᠠᠬᠢᠨ ᠰᠢᠭᠦᠯᠭᠡᠬᠦ ᠪᠡᠷ ᠳᠤᠷᠠᠳᠬᠤ ᠨᠢ ᠵᠥᠪᠬᠡᠨ ᠵᠢᠷᠤᠮ ᠤᠨ ᠬᠣᠭᠣᠰᠣᠨ ᠡᠷᠭᠢᠯᠲᠡ ᠪᠠᠶᠢᠵᠤ ᠂ ᠠᠰᠠᠭᠤᠳᠠᠯ ᠢ ᠪᠣᠳᠠᠲᠠᠶ ᠪᠠᠷ ᠰᠢᠶᠳᠪᠦᠷᠢᠯᠡᠵᠦ ᠴᠢᠳᠠᠬᠤ ᠦᠭᠡᠢ ᠶᠤᠮ᠃ ᠪᠠᠶᠢᠴᠠᠭᠠᠬᠤ ᠰᠢᠭᠦᠬᠦ ᠬᠣᠶᠠᠷ ᠬᠣᠷᠢᠶᠠᠨ ᠤ ᠬᠡᠷᠡᠭ ᠰᠢᠢᠳᠬᠡᠭᠴᠢ 《 ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠪᠠ ᠬᠠᠮᠵᠢᠯᠴᠠᠬᠤ ᠠᠯᠪᠠᠨ ᠭᠡᠷ 》 ᠦᠨ ᠬᠠᠮᠲᠤᠷᠠᠨ ᠭᠠᠷ ᠤᠨ ᠦᠰᠦᠭ ᠵᠢᠷᠤᠬᠤ ᠠᠵᠢᠯ ᠤᠨ ᠲᠣᠭᠲᠠᠴᠠ ᠳᠤ ᠲᠦᠰᠢᠭᠯᠡᠨ ᠂ ᠲᠣᠰ ᠬᠡᠷᠡᠭ ᠢ ᠰᠤᠳᠤᠯᠤᠨ ᠶᠠᠷᠢᠯᠴᠠᠬᠤ ᠳᠤ ᠂ ᠠᠷᠠᠳ ᠤᠨ ᠳᠡᠭᠡᠳᠦ ᠰᠢᠭᠦᠬᠦ ᠬᠣᠷᠢᠶ᠎ᠠ ᠂ ᠠᠷᠠᠳ ᠤᠨ ᠳᠡᠭᠡᠳᠦ ᠪᠠᠶᠢᠴᠠᠭᠠᠬᠤ ᠬᠣᠷᠢᠶ᠎ᠠ ᠂ ᠳᠣᠲᠣᠭᠠᠳᠤ ᠶᠢ ᠬᠠᠮᠠᠭᠠᠯᠠᠬᠤ ᠶᠠᠮᠤᠨ ᠂ ᠠᠷᠠᠳ ᠤᠨ ᠶᠠᠪᠤᠳᠠᠯ ᠤᠨ ᠶᠠᠮᠤᠨ ᠤ ᠬᠠᠮᠲᠤᠷᠠᠨ ᠨᠡᠶᠢᠲᠡᠯᠡᠭᠰᠡᠨ ︽ ᠬᠥᠮᠦᠨ ᠦ ᠨᠡᠷ᠎ᠡ ᠪᠡᠷ ᠣᠷᠣᠯᠠᠭᠤᠯᠬᠤ ᠪᠤᠶᠤ ᠬᠤᠳᠠᠯ ᠬᠡᠯᠡᠵᠦ ᠬᠠᠭᠤᠷᠮᠠᠭ ᠢᠶᠠᠷ ᠵᠣᠬᠢᠶᠠᠬᠤ ᠠᠷᠭ᠎ᠠ ᠮᠠᠶ᠋ᠢᠭ ᠢᠶᠠᠷ ᠣᠷᠣᠭ ᠤᠨ  ᠪᠦᠷᠢᠳᠬᠡᠯ  ᠬᠢᠯᠭᠡᠬᠦ ᠠᠰᠠᠭᠤᠳᠠᠯ ᠢ ᠲᠣᠬᠢᠲᠠᠶ ᠰᠢᠶᠳᠪᠦᠷᠢᠯᠡᠬᠦ ᠲᠤᠬᠠᠶ ᠵᠢᠯᠣᠭᠣᠳᠬᠤ ᠰᠠᠨᠠᠯ ︾ ᠢ ᠦᠨᠳᠦᠰᠦᠯᠡᠨ ᠂ ᠠᠷᠠᠳ ᠤᠨ ᠳᠡᠭᠡᠳᠦ ᠪᠠᠶᠢᠴᠠᠭᠠᠬᠤ ᠬᠣᠷᠢᠶᠠᠨ ᠤ ᠭᠤᠴᠢᠳᠤᠭᠠᠷ ᠪᠦᠯᠦᠭ  ᠵᠢᠯᠣᠭᠣᠳᠬᠤ ᠴᠢᠨᠠᠷᠲᠠᠶ ᠬᠡᠷᠡᠭ ᠲᠦ ᠲᠣᠰ ᠬᠡᠷᠡᠭ ᠢ  ᠰᠢᠢᠳᠪᠦᠷᠢᠯᠡᠬᠦ ᠪᠣᠯᠤᠮᠵᠢ ᠲᠠᠶ ᠭᠡᠵᠦ ᠦᠵᠡᠪᠡ ᠃ ᠪᠠᠶᠢᠴᠠᠭᠠᠬᠤ ᠰᠢᠭᠦᠬᠦ ᠬᠣᠷᠢᠶ᠎ᠠ ᠲᠤᠬᠠᠶ ᠶᠢᠨ ᠭᠠᠵᠠᠷ ᠤᠨ ᠤᠷᠤᠭ ᠤᠨ   ᠪᠦᠷᠢᠳᠬᠡᠯ ᠦᠨ ᠬᠠᠮᠢᠶᠠᠷᠤᠯᠲᠠ ᠶᠢᠨ ᠰᠠᠯᠠᠭ᠎ᠠ ᠮᠥᠴᠢᠷ ᠲᠡᠶ ᠶᠠᠷᠢᠯᠴᠠᠬᠤ ᠬᠤᠷᠠᠯ ᠬᠢᠵᠦ ᠂ ᠲᠣᠰ ᠬᠡᠷᠡᠭ ᠦᠨ ᠪᠦᠷᠢᠯᠳᠦᠭᠰᠡᠨ ᠰᠢᠯᠲᠠᠭᠠᠨ ᠵᠢᠴᠢ ᠣᠷᠣᠭ ᠤᠨ ᠪᠦᠷᠢᠳᠬᠡᠯ ᠦᠨ ᠰᠠᠯᠠᠭ᠎ᠠ ᠮᠥᠴᠢᠷ ᠦᠨ ᠲᠠᠷᠠᠭᠠᠴᠢ ᠶᠢᠨ ᠲᠣᠭ᠎ᠠ ᠪᠠᠷᠢᠮᠲᠠ ᠶᠢᠨ ᠬᠠᠮᠢᠶᠠᠷᠤᠯᠲᠠ ᠶᠢᠨ ᠳᠤᠮᠳᠠ ᠣᠯᠵᠤ ᠮᠡᠳᠡᠭᠰᠡᠨ ᠥᠬᠡᠶ ᠪᠠᠶᠢᠳᠠᠯ ᠵᠢᠴᠢ ᠣᠶᠢᠷ᠎ᠠ ᠶᠢᠨ ᠵᠢᠯ ᠳᠦ ᠨᠡᠶᠢᠲᠡᠯᠡᠭᠰᠡᠨ ᠬᠣᠯᠪᠣᠭᠳᠠᠯ ᠪᠥᠬᠥᠶ ᠬᠠᠸᠯᠢ ᠴᠠᠭᠠᠵᠠ ᠶᠢᠨ ᠲᠠᠶᠢᠯᠪᠤᠷᠢᠯᠠᠯᠲᠠ ᠂ ᠵᠢᠯᠤᠭᠤᠳᠤᠮᠵᠢ  ᠵᠢᠨ ᠴᠢᠨᠠᠷᠲᠠᠶ ᠬᠡᠷᠡᠭ ᠲᠦ ᠬᠠᠸᠯᠢ ᠶᠢ ᠲᠠᠶᠢᠯᠪᠤᠷᠢᠯᠠᠨ ᠶᠣᠰᠣ ᠶᠠᠷᠢᠵᠤ ᠂ ᠡᠴᠦᠰ ᠲᠡᠬᠡᠨ ᠰᠠᠨᠠᠯ ᠨᠢᠭᠡᠳᠪᠡ ᠂ ᠣᠷᠣᠭ ᠤᠨ ᠪᠦᠷᠢᠳᠬᠡᠯ ᠦᠨ ᠬᠠᠮᠢᠶᠠᠷᠤᠯᠲᠠ ᠶᠢᠨ ᠰᠠᠯᠠᠭ᠎ᠠ ᠮᠥᠴᠢᠷ ᠨᠢ ᠬᠣᠶᠠᠷ ᠬᠣᠷᠢᠶᠠᠨ ᠤ ᠳᠤᠷᠠᠳᠤᠭᠰᠠᠨ ᠰᠠᠨᠠᠭᠤᠯᠭ᠎ᠠ ᠶᠢ ᠭᠥᠯᠢᠶᠡᠨ ᠠᠪᠴᠤ ᠂ ᠬᠣᠯᠪᠣᠭᠳᠠᠯ ᠪᠥᠬᠥᠶ ᠵᠢᠷᠤᠮ ᠢ ᠦᠨᠳᠦᠰᠦᠯᠡᠨ ᠲᠣᠰ ᠬᠡᠷᠡᠭ ᠦᠨ ᠣᠷᠣᠭ ᠤᠨ ᠪᠦᠷᠢᠳᠬᠡᠯ ᠢ ᠬᠦᠴᠦᠨ ᠥᠬᠡᠶ ᠪᠣᠯᠭᠠᠪᠠ ᠃

ᠲᠤᠰ ᠬᠡᠷᠡᠭ ᠪᠣᠯ ᠪᠠᠶᠢᠴᠠᠭᠠᠬᠤ ᠰᠢᠭᠦᠬᠦ ᠬᠣᠷᠢᠶ᠎ᠠ ᠬᠦᠴᠦ ᠪᠡᠨ ᠬᠠᠮᠲᠤᠳᠬᠠᠨ ᠵᠠᠰᠠᠭ ᠵᠠᠬᠢᠷᠭᠠᠨ ᠤ ᠵᠠᠷᠭᠤ ᠶᠢᠨ ᠬᠡᠷᠡᠭ ᠢ ᠦᠨᠡᠨ ᠪᠣᠳᠠᠲᠠᠶ ᠪᠠᠷ ᠰᠢᠶᠳᠪᠦᠷᠢᠯᠡᠬᠦ ᠠᠵᠢᠯ ᠢ ᠥᠷᠨᠢᠭᠦᠯᠦᠭᠰᠡᠨ ᠰᠠᠶᠢᠨ ᠡᠬᠢᠯᠡᠯᠲᠡ ᠮᠥᠨ᠂ ᠵᠥᠷᠢᠴᠡᠯ ᠢ ᠰᠢᠶᠳᠪᠦᠷᠢᠯᠡᠬᠦ ᠤᠯᠠᠨ ᠡᠰᠢᠴᠢᠯᠡᠭᠰᠡᠨ ᠠᠰᠢᠭᠲᠠᠶ ᠰᠦᠪᠡᠭᠴᠢᠯᠡᠯᠳᠡ ᠮᠥᠨ᠂ ᠨᠡᠩ ᠴᠤ ᠬᠡᠷᠡᠭ ᠰᠢᠶᠳᠪᠦᠷᠢᠯᠡᠬᠦ ᠶᠠᠪᠤᠴᠠ ᠳᠤ ᠠᠷᠠᠳ ᠲᠦᠮᠡᠨ ᠢᠶᠡᠷ ᠭᠣᠣᠯ ᠪᠣᠯᠭᠠᠭᠰᠠᠨ ᠬᠡᠷᠡᠭ ᠰᠢᠶᠳᠪᠦᠷᠢᠯᠡᠬᠦ ᠣᠨᠣᠯᠵᠢᠬᠣᠨ ᠢ ᠦᠢᠯᠡᠳᠦᠯᠭᠡᠵᠢᠭᠦᠯᠦᠭᠰᠡᠨ ᠪᠠᠶᠢᠨ᠎ᠠ᠃ ᠬᠣᠶᠢᠰᠢᠳᠠ ᠪᠠᠶᠢᠴᠠᠭᠠᠬᠤ ᠬᠣᠷᠢᠶ᠎ᠠ ᠰᠢᠭᠦᠬᠦ ᠬᠣᠷᠢᠶ᠎ᠠ ᠬᠠᠤᠯᠢ ᠪᠠᠷᠢᠬᠤ ᠬᠦᠴᠦᠨ ᠢᠶᠡᠨ ᠦᠷᠭᠦᠯᠵᠢᠯᠡᠨ ᠨᠢᠭᠲᠠᠷᠠᠭᠤᠯᠵᠤ᠂ ᠵᠠᠰᠠᠭ ᠵᠠᠬᠢᠷᠭᠠᠨ ᠤ ᠮᠠᠷᠭᠤᠯᠳᠤᠭᠠᠨ ᠢ ᠦᠨᠡᠨ ᠪᠣᠳᠠᠲᠠᠶ ᠪᠠᠷ ᠰᠢᠶᠳᠪᠦᠷᠢᠯᠡᠬᠦ ᠠᠵᠢᠯ ᠢ ᠠᠬᠢᠭᠤᠯᠬᠤ ᠳᠤᠮᠳᠠ ᠳᠠᠭᠤᠷᠢᠶᠠᠵᠤ ᠪᠣᠯᠬᠤ ᠳᠡᠯᠭᠡᠷᠡᠭᠦᠯᠵᠦ ᠪᠣᠯᠬᠤ ᠠᠵᠢᠯ ᠤᠨ ᠲᠤᠷᠰᠢᠯᠭ᠎ᠠ ᠶᠢ ᠪᠤᠢ ᠪᠣᠯᠭᠠᠵᠤ᠂ ᠠᠷᠠᠳ ᠤᠯᠠᠨ ᠤ ᠬᠠᠤᠯᠢ ᠪᠠᠷ ᠵᠠᠰᠠᠬᠤ ᠬᠦᠷᠲᠡᠮᠵᠢ ᠶᠢᠨ ᠲᠦᠷᠦᠭᠳᠡᠯ᠂ ᠵᠣᠯ ᠵᠢᠷᠭᠠᠯᠲᠤ ᠲᠦᠷᠦᠭᠳᠡᠯ᠂ ᠠᠮᠤᠷ ᠲᠦᠪᠰᠢᠨ ᠦ ᠲᠦᠷᠦᠭᠳᠡᠯ ᠢ ᠲᠠᠰᠤᠷᠠᠯᠳᠠ ᠦᠭᠡᠢ ᠳᠡᠭᠡᠭᠰᠢᠯᠡᠭᠦᠯᠵᠦ᠂ ᠴᠢᠳᠠᠮᠠᠭᠠᠶ ᠬᠠᠤᠯᠢ ᠪᠠᠷᠢᠬᠤ ᠶᠢ ᠪᠠᠷᠢᠮᠲᠠᠯᠠᠵᠤ᠂ ᠨᠢᠭᠡ ᠭᠠᠵᠠᠷ ᠤᠨ ᠠᠮᠤᠷ ᠲᠦᠪᠰᠢᠨ ᠢ ᠪᠠᠲᠤᠯᠠᠬᠤ᠂ ᠨᠢᠭᠡ ᠭᠠᠵᠠᠷ ᠤᠨ ᠬᠥᠭᠵᠢᠯᠲᠡ ᠶᠢ ᠠᠬᠢᠭᠤᠯᠬᠤ ᠶᠢ ᠴᠢᠷᠮᠠᠶᠢᠨ ᠪᠡᠶᠡᠯᠡᠭᠦᠯᠦᠨ᠎ᠡ᠃

 

ᠢᠷᠡᠯᠲᠡ
ᠬᠥᠯᠦᠨ ᠪᠣᠶᠢᠷ ᠬᠣᠲᠠ ᠵᠢᠨ ᠡᠸᠡᠩᠬᠢ ᠬᠣᠰᠢᠭᠤᠨ ᠤ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro