ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠦᠮᠦᠭᠯᠡᠭᠴᠢ ᠪᠤᠯᠤᠨ ᠵᠠᠷᠭᠤ ᠶᠢᠨ ᠣᠷᠤᠯᠠᠭᠴᠢ ᠶᠢ ᠬᠦᠯᠢᠶᠠᠨ ᠠᠭᠤᠯᠵᠠᠬᠤ ᠠᠵᠢᠯ ᠤᠨ ᠬᠠᠮᠢᠶᠠᠷᠤᠯᠲᠠ ᠶᠢᠨ ᠲᠥᠷᠢᠮ

2016-06-03 11:31:57
ᠵᠣᠬᠢᠶᠠᠭᠴᠢ

ᠨᠢᠭᠡ᠂ ᠬᠡᠷᠡᠭ ᠬᠠᠮᠢᠶᠠᠷᠬᠤ ᠠᠯᠪᠠᠨ ᠭᠡᠷ ᠠᠴᠠ ᠦᠮᠦᠭᠯᠡᠭᠴᠢ᠂ ᠵᠠᠷᠭᠤ ᠶᠢᠨ ᠣᠷᠤᠯᠠᠭᠴᠢ ᠠᠴᠠ ᠬᠡᠷᠡᠭ ᠤᠨ ᠡᠪᠬᠡᠮᠡᠯ ᠦᠵᠡᠬᠦ ᠶᠢ ᠬᠦᠯᠢᠶᠡᠨ ᠠᠪᠬᠤ ᠳᠠᠭᠠᠨ ᠬᠠᠤᠯᠢ ᠶᠤᠰᠤᠭᠠᠷ ᠲᠡᠳᠡᠨᠡᠷ ᠤᠨ ᠡᠷᠬᠡ ᠶᠢ ᠪᠠᠳᠤᠯᠠᠬᠤ ᠬᠡᠷᠡᠭᠲᠡᠢ᠃


ᠬᠤᠶᠠᠷ᠂  ᠦᠮᠦᠭᠯᠡᠭᠴᠢ᠂ ᠵᠠᠷᠭᠤ ᠶᠢᠨ ᠣᠷᠤᠯᠠᠭᠴᠢ ᠠᠴᠠ ᠬᠡᠷᠡᠭ ᠤᠨ ᠡᠪᠬᠡᠮᠡᠯ ᠦᠵᠡᠬᠦ ᠪᠤᠶᠤ  ᠬᠡᠷᠡᠭ  ᠤᠨ ᠳᠠᠭᠠᠭᠠᠨ ᠰᠢᠳᠬᠡᠭᠴᠢ ᠲᠠᠢ ᠠᠭᠤᠯᠵᠠᠬᠤ ᠴᠢᠬᠤᠯᠠᠲᠡᠢ ᠪᠣᠯ ᠡᠷᠭᠡᠪᠰᠢ ᠬᠠᠮᠢᠶ᠎ᠠ ᠪᠦᠬᠦᠢ ᠭᠡᠷᠡᠴᠢ ᠮᠠᠲ᠋ᠧᠷᠢᠶᠠᠯ ᠢᠶᠠᠨ ᠠᠪᠴᠤ ᠤᠷᠢᠳᠠᠪᠠᠷ ᠬᠡᠷᠡᠭ ᠬᠠᠮᠢᠶᠠᠷᠤᠯᠲᠠ ᠶᠢᠨ ᠲᠥᠪ ᠲᠤ ᠲᠤᠰᠢᠶᠠᠵᠤ ᠲᠡᠮᠳᠡᠭᠯᠡᠭᠦᠯᠬᠦ ᠬᠡᠷᠡᠭᠲᠡᠢ᠃


ᠭᠤᠷᠪᠠ᠂ ᠬᠡᠷᠡᠭ ᠬᠠᠮᠢᠶᠠᠷᠤᠯᠲᠠ ᠶᠢᠨ ᠲᠥᠪ ᠤᠨ ᠬᠢᠨ ᠦᠮᠦᠭᠯᠡᠭᠴᠢ᠂ ᠵᠠᠷᠭᠤ ᠶᠢᠨ ᠣᠷᠤᠯᠠᠭᠴᠢ ᠶᠢᠨ ᠡᠪᠬᠡᠮᠡᠯ ᠦᠵᠡᠬᠦ ᠪᠤᠶᠤ   ᠬᠡᠷᠡᠭ ᠶᠢᠨ ᠳᠠᠭᠠᠭᠠᠨ ᠰᠢᠳᠬᠡᠭᠴᠢ ᠲᠠᠢ ᠠᠭᠤᠯᠵᠠᠬᠤ ᠭᠤᠶᠤᠴᠢᠯᠠᠯ ᠢ  ᠬᠦᠯᠢᠶᠡᠨ ᠠᠪᠤᠭᠰᠠᠨ ᠤ ᠳᠠᠷᠠᠭ᠎ᠠ ᠡᠷᠬᠡᠪᠰᠢ ᠲᠡᠳᠡᠨᠡᠷ ᠤᠨ ᠬᠢᠷᠢ ᠬᠡᠮ ᠢ ᠨᠢ ᠪᠠᠶᠢᠴᠠᠭᠠᠵᠤ ᠳᠠᠷᠤᠢ ᠲᠦᠷᠭᠡᠨ ᠡᠪᠬᠡᠮᠡᠯ ᠢ ᠦᠵᠡᠬᠦ ᠪᠣᠶᠤ ᠠᠭᠤᠯᠵᠠᠬᠤ ᠤᠴᠢᠷ ᠶᠠᠪᠤᠳᠠᠯ ᠢ ᠨᠢ ᠬᠠᠷᠢᠯᠴᠠᠵᠦ ᠦᠭᠬᠦ ᠬᠡᠷᠡᠭᠲᠡᠢ᠃


ᠲᠥᠷᠪᠡ᠂ ᠦᠮᠦᠭᠯᠡᠭᠴᠢ᠂ ᠵᠠᠷᠭᠤ ᠶᠢᠨ ᠣᠷᠤᠯᠠᠭᠴᠢ ᠡᠪᠬᠡᠮᠡᠯ ᠦᠵᠡᠬᠦ ᠳᠤ ᠬᠡᠷᠡᠭ ᠬᠠᠮᠢᠶᠠᠷᠤᠯᠲᠠ ᠶᠢᠨ ᠲᠥᠪ ᠠᠴᠠ ᠠᠭᠤᠯᠵᠠᠬᠤ  ᠲᠠᠰᠤᠭ ᠲᠣᠬᠢᠷᠠᠭᠤᠯᠵᠤ ᠬᠡᠷᠡᠭ ᠤᠨ ᠳᠠᠭᠠᠭᠠᠨ ᠰᠢᠳᠬᠡᠭᠴᠢ ᠪᠤᠶᠤ ᠬᠡᠷᠡᠭ ᠬᠠᠮᠢᠶᠠᠷᠤᠯᠲᠠ ᠶᠢᠨ ᠲᠥᠪ ᠤᠨ ᠠᠵᠢᠯᠲᠠᠨ ᠲᠤᠬᠠᠢ ᠶᠢᠨ ᠲᠠᠯᠠᠪᠤᠷ ᠲᠤ ᠪᠠᠶᠢᠬᠤ ᠬᠡᠷᠡᠭᠲᠡᠢ᠃


ᠲᠠᠪᠤ᠂  ᠬᠡᠷᠡᠭ  ᠤᠨ ᠳᠠᠭᠠᠭᠠᠨ ᠰᠢᠳᠬᠡᠭᠴᠢ ᠠᠴᠠ ᠲᠣᠰ ᠬᠡᠷᠡᠭ ᠲᠠᠢ ᠬᠠᠮᠢᠶ᠎ᠠ ᠲᠠᠢ ᠦᠮᠦᠭᠯᠡᠭᠴᠢ᠂ ᠵᠠᠷᠭᠤ ᠶᠢᠨ ᠣᠷᠤᠯᠠᠭᠴᠢ ᠶᠢ ᠬᠦᠯᠢᠶᠡᠨ ᠠᠪᠬᠤ ᠲᠠᠰᠤᠭ ᠲᠤ ᠬᠦᠯᠢᠶᠡᠨ ᠠᠪᠴᠤ ᠲᠡᠳᠡᠨᠡᠷ ᠤᠨ ᠰᠠᠨᠠᠯ ᠵᠦᠪᠯᠡᠯᠭᠡ ᠶᠢ ᠰᠤᠨᠤᠰᠴᠤ ᠪᠣᠯᠤᠨ᠎ᠠ᠃


ᠵᠢᠷᠭᠤᠭ᠎ᠠ᠂  ᠦᠮᠦᠭᠯᠡᠭᠴᠢ᠂ ᠵᠠᠷᠭᠤ ᠶᠢᠨ ᠣᠷᠤᠯᠠᠭᠴᠢ ᠡᠴᠠ‌ᠡᠪᠬᠡᠮᠡᠯ ᠮᠠᠲ᠋ᠧᠷᠢᠶᠠᠯ ᠢ ᠳᠠᠷᠤᠮᠠᠯᠯᠠᠬᠤ ᠴᠢᠬᠤᠯᠠᠲᠡᠢ ᠪᠣᠯ ᠬᠡᠷᠡᠭ ᠬᠠᠮᠢᠶᠠᠷᠤᠯᠲᠠ ᠶᠢᠨ ᠲᠥᠪ ᠠᠴᠠ ᠭᠦᠢᠴᠡᠳᠭᠡᠵᠤ ᠦᠭᠬᠦ ᠬᠡᠷᠡᠭᠲᠡᠢ᠃


ᠳᠤᠯᠤᠭ᠎ᠠ᠂ ᠦᠮᠦᠭᠯᠡᠭᠴᠢ᠂ ᠵᠠᠷᠭᠤ ᠶᠢᠨ ᠣᠷᠤᠯᠠᠭᠴᠢ ᠠᠴᠠ ᠳᠤᠷᠠᠳᠤᠭᠰᠠᠨ ᠰᠠᠨᠠᠯ ᠭᠤᠶᠤᠴᠢᠯᠠᠭ᠎ᠠ ᠶᠢ ᠬᠡᠷᠡᠭ ᠬᠠᠮᠢᠶᠠᠷᠤᠯᠲᠠ ᠶᠢᠨ ᠲᠥᠪ ᠠᠴᠠ ᠴᠠᠭ ᠲᠤᠬᠠᠢ  ᠳᠤᠨᠢ ᠬᠠᠮᠢᠶ᠎ᠠ ᠪᠦᠬᠦᠢ ᠨᠢᠭᠡᠴᠢ ᠳᠤ ᠳᠠᠮᠵᠢᠭᠤᠯᠤᠨ ᠦᠭᠴᠦ ᠰᠢᠢᠳᠪᠦᠷᠢ ᠳ᠋ᠦᠩ ᠪᠤᠯᠤᠨ ᠰᠠᠨᠠᠯ ᠢ ᠨᠢ ᠲᠡᠳᠡᠨᠡᠷ ᠲᠤ  ᠴᠠᠭ  ᠲᠤᠬᠠᠢ ᠳᠤᠨᠢ ᠬᠠᠷᠢᠭᠤ ᠦᠭᠬᠦ ᠭᠡᠷᠡᠭᠲᠡᠢ᠃


ᠢᠷᠡᠯᠲᠡ
ᠥᠪᠦᠷ ᠮᠤᠩᠭᠤᠯ ᠤᠨ ᠪᠠᠶᠢᠴᠠᠭᠠᠬᠤ ᠬᠤᠷᠢᠶᠠᠨ ᠤ ᠤᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro