ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠢᠯᠡᠴᠢᠯᠡᠨ ᠵᠠᠭᠠᠯᠳᠤᠬᠤ ᠳᠤ ᠮᠡᠳᠡᠬᠦ ᠴᠢᠬᠤᠯᠠᠳᠠᠢ ᠵᠦᠢᠯ

2016-06-03 14:51:54
ᠵᠣᠬᠢᠶᠠᠭᠴᠢ

ᠨᠢᠭᠡ᠂ ᠪᠠᠶᠢᠴᠠᠭᠠᠬᠤ ᠪᠠᠶᠢᠭᠤᠯᠭ᠎ᠠ ᠶᠢᠨ ᠢᠯᠡᠴᠢᠯᠡᠨ ᠵᠠᠭᠠᠯᠳᠤᠯᠭ᠎ᠠ ᠶᠢ ᠬᠦᠯᠢᠶᠡᠨ ᠠᠪᠬᠤ ᠭᠡᠪᠴᠢᠶ᠎ᠠ


1. ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠲᠤᠷᠰᠢᠨ ᠪᠠᠶᠢᠴᠠᠭᠠᠬᠤ ᠬᠦᠳᠡᠯᠭᠡᠭᠡᠨ ᠳᠤ ᠬᠠᠤᠯᠢ ᠠᠴᠠ ᠵᠦᠷᠢᠴᠡᠭᠰᠡᠨ ᠤᠢᠢᠯᠡ ᠠᠵᠢᠯᠯᠠᠭ᠎ᠠ ᠤᠷᠤᠰᠢᠵᠤ ᠪᠠᠶᠢᠬᠤ ᠶᠢ  ᠢᠯᠡᠴᠢᠯᠡᠨ  ᠵᠠᠭᠠᠯᠳᠤᠭᠰᠠᠨ


2. ᠡᠷᠡᠬᠦᠦ ᠶᠢᠨ ᠭᠡᠷᠡᠭ ᠤᠨ ᠰᠢᠬᠦᠨ ᠲᠠᠰᠤᠯᠤᠯᠳᠠ᠂ ᠬᠢᠨᠠᠨ ᠲᠠᠰᠤᠯᠤᠯᠳᠠ ᠶᠢ ᠬᠦᠢᠴᠡᠳᠭᠡᠬᠦ ᠪᠠ ᠢᠷᠭᠡᠨ ᠤ ᠭᠡᠷᠡᠭ ᠤᠨ ᠰᠢᠬᠦᠨ ᠲᠠᠰᠤᠯᠤᠯᠳᠠ ᠶᠢᠨ ᠵᠢᠷᠤᠮ᠂ ᠬᠢᠨᠠᠨ ᠬᠠᠮᠢᠶᠠᠷᠬᠤ ᠲᠠᠯᠠᠪᠤᠷ ᠤᠨ ᠬᠦᠳᠡᠯᠭᠡᠭᠡᠨ ᠳᠤ ᠬᠠᠤᠯᠢ ᠠᠴᠠ ᠵᠦᠷᠢᠴᠡᠭᠰᠡᠨ ᠤᠢᠢᠯᠡ ᠠᠵᠢᠯᠯᠠᠭ᠎ᠠ  ᠤᠷᠤᠰᠢᠵᠤ ᠪᠠᠶᠢᠬᠤ ᠶᠢ ᠲᠤᠰᠬᠠᠭᠰᠠᠨ ᠢᠯᠡᠴᠢᠯᠡᠨ  ᠵᠠᠭᠠᠯᠳᠤᠭᠰᠠᠨ


3. ᠠᠷᠠᠳ ᠤᠨ ᠪᠠᠶᠢᠴᠠᠭᠠᠬᠤ ᠬᠤᠷᠢᠶᠠᠨ ᠤ ᠠᠵᠢᠯᠳᠠᠨ ᠤ ᠬᠠᠤᠯᠢ ᠠᠴᠠ ᠵᠦᠷᠢᠴᠡᠵᠦ᠂ ᠰᠠᠬᠢᠯᠭ᠎ᠠ ᠪᠠᠳᠤ ᠶᠢ ᠵᠦᠷᠢᠴᠡᠭᠰᠡᠨ ᠤᠢᠢᠯᠡ ᠠᠵᠢᠯᠯᠠᠭ᠎ᠠ ᠶᠢ ᠲᠤᠰᠬᠠᠭᠰᠠᠨ ᠢᠯᠡᠴᠢᠯᠡᠨ  ᠵᠠᠭᠠᠯᠳᠤᠭᠰᠠᠨ


4. ᠦᠮᠦᠭᠯᠡᠭᠴᠢ᠂ ᠵᠠᠷᠭᠤ ᠶᠢᠨ ᠤᠷᠤᠯᠠᠭᠴᠢ ᠶᠢᠨ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ᠂ ᠠᠷᠠᠳ ᠤᠨ ᠪᠠᠶᠢᠴᠠᠭᠠᠬᠤ ᠬᠤᠷᠢᠶ᠎ᠠ᠂ ᠠᠷᠠᠳ ᠤᠨ ᠰᠢᠬᠦᠬᠦ ᠬᠤᠷᠢᠶ᠎ᠠ ᠵᠢᠴᠢ ᠲᠡᠬᠦᠨ ᠤ ᠠᠵᠢᠯᠳᠠᠨ ᠤ ᠲᠤᠤᠷᠠᠬᠢ ᠮᠡᠳᠦ ᠬᠠᠤᠯᠢ ᠶᠤᠰᠤᠭᠠᠷ  ᠵᠠᠷᠭᠤ ᠶᠢᠨ ᠡᠷᠭᠡ ᠴᠢᠯᠦᠭᠡ ᠪᠠᠨ ᠭᠡᠷᠡᠭᠵᠢᠬᠦᠯᠬᠦ ᠶᠢ ᠬᠠᠷᠰᠢᠯᠠᠭᠰᠠᠨ ᠠᠵᠢᠯᠯᠠᠭ᠎ᠠ ᠶᠢᠨ ᠨᠢᠭᠡ ᠨᠢ ᠪᠠᠶᠢᠬᠤ ᠲᠤᠬᠠᠢ ᠢᠯᠡᠴᠢᠯᠡᠨ ᠵᠠᠭᠠᠯᠳᠤᠯᠭ᠎ᠠ᠄


︵1︶ ᠦᠮᠦᠭᠯᠡᠭᠴᠢ᠂ ᠵᠠᠷᠭᠤ ᠶᠢᠨ ᠤᠷᠤᠯᠠᠭᠴᠢ ᠶᠢᠨ ᠲᠤᠷᠠᠳᠤᠭᠰᠠᠨ ᠵᠠᠶᠢᠯᠠᠭᠤᠯᠬᠤ ᠱᠠᠭᠠᠷᠳᠠᠯᠭ᠎ᠠ ᠶᠢ ᠬᠦᠯᠢᠶᠡᠨ ᠠᠪᠬᠤ ᠦᠭᠡᠢ ᠪᠤᠶᠤ ᠵᠠᠶᠢᠯᠠᠭᠤᠯᠬᠤ ᠦᠭᠡᠢ ᠲᠤᠭᠳᠠᠭᠠᠯ ᠢ ᠬᠦᠯᠢᠶᠡᠨ ᠠᠪᠬᠤ ᠦᠭᠡᠢ ᠠᠴᠠ ᠪᠤᠯᠵᠤ ᠲᠠᠬᠢᠨ ᠶᠠᠷᠢᠯᠴᠠᠭᠤᠯᠬᠤ ᠭᠤᠶᠤᠴᠢᠯᠠᠯ ᠳᠡᠪᠰᠢᠭᠦᠯᠬᠦ ᠳᠤ  ᠬᠦᠯᠢᠶᠡᠨ ᠠᠪᠬᠤ ᠦᠭᠡᠢ ᠪᠠᠶᠢᠬᠤ


︵2︶ ᠶᠠᠯ᠎ᠠ ᠬᠢᠭᠰᠡᠨ  ᠰᠡᠵᠢᠭᠲᠡᠨ᠂ ᠵᠠᠭᠠᠯᠳᠤᠭᠳᠠᠭᠴᠢ ᠳᠤ ᠦᠮᠦᠭᠯᠡᠭᠴᠢ ᠨᠠᠶᠢᠳᠠᠬᠤ ᠡᠷᠭᠡ ᠲᠠᠢ ᠪᠠᠶᠢᠬᠤ ᠶᠢ ᠬᠠᠤᠯᠢ ᠶᠤᠰᠤᠭᠠᠷ ᠮᠡᠳᠡᠭᠳᠡᠭᠰᠡᠨ ᠦᠭᠡᠢ ᠪᠠᠶᠢᠬᠤ


︵3︶ ᠬᠤᠷᠢᠭᠳᠠᠵᠤ ᠪᠠᠶᠢᠭ᠎ᠠ ᠪᠤᠶᠤ ᠰᠠᠭᠤᠭ᠎ᠠ ᠭᠠᠵᠠᠷ ᠲᠤ ᠪᠠᠨ ᠵᠠᠬᠢᠷᠤᠨ ᠬᠢᠨᠠᠭᠳᠠᠵᠦ ᠪᠠᠶᠢᠬᠤ ᠶᠠᠯ᠎ᠠ ᠬᠢᠭᠰᠡᠨ  ᠰᠡᠵᠢᠭᠲᠡᠨ᠂ ᠵᠠᠭᠠᠯᠳᠤᠭᠳᠠᠭᠴᠢ ᠶᠢᠨ ᠦᠮᠦᠭᠯᠡᠭᠴᠢ ᠨᠠᠶᠢᠳᠠᠬᠤ ᠱᠠᠭᠠᠷᠳᠠᠯᠭ᠎ᠠ ᠶᠢ ᠲᠠᠮᠵᠢᠭᠤᠯᠤᠭᠰᠠᠨ ᠦᠭᠡᠢ ᠪᠠᠶᠢᠬᠤ


︵4︶ ᠬᠠᠤᠯᠢ ᠴᠠᠭᠠᠵᠠ ᠶᠢᠨ ᠲᠤᠰᠠᠯᠠᠮᠵᠢ ᠶᠢᠨ ᠪᠠᠶᠢᠭᠤᠯᠤᠮᠵᠢ ᠳᠤ ᠨᠦᠬᠦᠴᠡᠯ ᠳᠤ ᠨᠡᠶᠢᠴᠡᠭᠰᠡᠨ ᠶᠠᠯ᠎ᠠ ᠬᠢᠭᠰᠡᠨ ᠰᠡᠵᠢᠭᠲᠡᠨ᠂ ᠵᠠᠭᠠᠯᠳᠤᠭᠳᠠᠭᠴᠢ ᠪᠤᠶᠤ ᠠᠯᠪᠠᠳᠠᠨ ᠡᠮᠴᠢᠯᠡᠬᠦᠯᠬᠦ ᠪᠠᠷ ᠭᠤᠶᠤᠴᠢᠯᠠᠭᠳᠠᠭᠴᠢ ᠳᠤ ᠬᠠᠤᠯᠢᠴᠢ ᠲᠤᠮᠢᠯᠠᠨ᠂ ᠲᠡᠭᠦᠨ ᠳᠤ ᠦᠮᠦᠭᠯᠡᠬᠦ ᠪᠤᠶᠤ ᠬᠠᠤᠯᠢ ᠴᠠᠭᠠᠵᠠ ᠶᠢᠨ ᠲᠤᠰᠠᠯᠠᠮᠵᠢ ᠬᠠᠨᠭ᠍ᠭᠠᠬᠤ ᠶᠢ ᠮᠡᠳᠡᠭᠳᠡᠬᠦ ᠶᠤᠰᠤᠳᠠᠢ ᠪᠠᠶᠢᠳᠠᠯ᠎ᠠ ᠮᠡᠳᠡᠭᠳᠡᠭᠰᠡᠨ ᠦᠭᠡᠢ ᠪᠠᠶᠢᠬᠤ


︵5︶ ᠲᠤᠭᠳᠠᠭᠰᠠᠨ ᠬᠤᠭᠤᠴᠠᠭᠠᠨ ᠳᠤ ᠦᠮᠦᠭᠯᠡᠭᠴᠢ ᠶᠢᠨ ᠲᠤᠷᠠᠳᠤᠭᠰᠠᠨ ᠠᠯᠪᠠᠳᠠᠯᠭ᠎ᠠ ᠶᠢᠨ ᠠᠷᠭ᠎ᠠ ᠭᠡᠮᠵᠢᠶ᠎ᠡ ᠶᠢ ᠬᠤᠪᠢᠷᠠᠭᠤᠯᠬᠤ ᠭᠤᠶᠤᠴᠢᠯᠠᠯ ᠪᠤᠶᠤ ᠠᠯᠪᠠᠳᠠᠯᠭ᠎ᠠ ᠶᠢᠨ ᠠᠷᠭ᠎ᠠ ᠭᠡᠮᠵᠢᠶ᠎ᠡ ᠶᠢ ᠬᠦᠴᠦᠨ ᠦᠭᠡᠢ ᠪᠤᠯᠭᠠᠬᠤ ᠱᠠᠭᠠᠷᠳᠠᠯᠭ᠎ᠠ ᠶᠢ ᠬᠦᠯᠢᠶᠡᠨ ᠠᠪᠬᠤ ᠦᠭᠡᠢ ᠪᠤᠶᠤ ᠬᠠᠷᠢᠭᠤᠯᠳᠠ ᠦᠭᠬᠦ ᠦᠭᠡᠢ ᠪᠠᠶᠢᠬᠤ


︵6︶ ᠦᠮᠦᠭᠯᠡᠭᠴᠢ ᠳᠤ ᠶᠠᠯ᠎ᠠ ᠬᠢᠭᠰᠡᠨ  ᠰᠡᠵᠢᠭᠲᠡᠨ  ᠤ ᠰᠡᠵᠢᠭᠯᠡᠭᠳᠡᠭᠰᠡᠨ ᠶᠠᠯ᠎ᠠ ᠶᠢᠨ ᠨᠡᠷ᠎ᠡ ᠪᠤᠯᠤᠨ ᠭᠡᠷᠡᠭ ᠤᠨ ᠬᠤᠯᠪᠤᠭᠳᠠᠯ ᠪᠦᠬᠦᠢ ᠪᠠᠶᠢᠳᠠᠯ ᠢ ᠬᠠᠤᠯᠢ ᠶᠤᠰᠤᠭᠠᠷ ᠮᠡᠳᠡᠭᠳᠡᠬᠦ ᠦᠭᠡᠢ ᠪᠠᠶᠢᠬᠤ


︵7︶ ᠦᠮᠦᠭᠯᠡᠭᠴᠢ ᠶᠢᠨ ᠬᠤᠷᠢᠭᠳᠠᠵᠤ ᠪᠠᠶᠢᠭ᠎ᠠ ᠪᠤᠶᠤ ᠰᠠᠭᠤᠭ᠎ᠠ ᠭᠠᠵᠠᠷ ᠲᠤ ᠪᠠᠨ ᠵᠠᠬᠢᠷᠤᠨ ᠬᠢᠨᠠᠭᠳᠠᠵᠦ ᠪᠠᠶᠢᠬᠤ ᠶᠠᠯ᠎ᠠ ᠬᠢᠭᠰᠡᠨ ᠰᠡᠵᠢᠭᠲᠡᠨ᠂ ᠵᠠᠭᠠᠯᠳᠤᠭᠳᠠᠭᠴᠢ ᠲᠠᠢ ᠠᠭᠤᠯᠵᠠᠬᠤ ᠪᠠ ᠵᠠᠬᠢᠳᠠᠯ ᠨᠡᠪᠳᠡᠷᠡᠬᠦ ᠶᠢ ᠬᠠᠤᠯᠢ ᠠᠴᠠ ᠵᠦᠷᠢᠴᠡᠵᠦ ᠬᠢᠵᠠᠭᠠᠷᠯᠠᠭᠰᠠᠨ ᠪᠠᠶᠢᠬᠤ


︵8︶ ᠦᠮᠦᠭᠯᠡᠭᠴᠢ ᠶᠢᠨ ᠭᠡᠷᠡᠭ ᠤᠨ ᠲᠠᠩᠰᠡ ᠡᠪᠭᠡᠮᠡᠯ᠂ ᠪᠢᠴᠢᠭ ᠮᠠᠲ᠋ᠧᠷᠢᠶᠠᠯ ᠢ ᠪᠠᠶᠢᠴᠠᠭᠠᠨ ᠦᠵᠡᠬᠦ᠂ ᠲᠤᠪᠴᠢᠯᠠᠨ ᠲᠡᠮᠳᠡᠭᠯᠡᠬᠦ᠂ ᠪᠠᠭᠤᠯᠭᠠᠬᠤ ᠶᠢ ᠬᠠᠤᠯᠢ ᠠᠴᠠ ᠵᠦᠷᠢᠴᠡᠵᠦ ᠵᠦᠪᠰᠢᠶᠡᠷᠡᠬᠦ ᠦᠭᠡᠢ ᠪᠠᠶᠢᠬᠤ


︵9︶ ᠦᠮᠦᠭᠯᠡᠭᠴᠢ ᠶᠢᠨ ᠬᠠᠮᠢᠶ᠎ᠠ ᠪᠦᠬᠦᠢ ᠭᠡᠷᠡᠴᠢ ᠪᠠᠷᠢᠮᠳᠠ ᠶᠢᠨ ᠪᠢᠴᠢᠭ ᠮᠠᠲ᠋ᠧᠷᠢᠶᠠᠯ ᠢ ᠴᠤᠭᠯᠠᠭᠤᠯᠬᠤ᠂ ᠬᠢᠨᠠᠨ  ᠮᠠᠭᠠᠳᠯᠠᠬᠤ ᠶᠢ ᠬᠠᠤᠯᠢ ᠠᠴᠠ ᠵᠦᠷᠢᠴᠡᠨ ᠬᠢᠵᠠᠭᠠᠷᠯᠠᠭᠰᠠᠨ ᠪᠠᠶᠢᠬᠤ


︵10︶ᠵᠦᠢ ᠶᠤᠰᠤᠨ ᠤ ᠰᠢᠯᠳᠠᠭᠠᠨ ᠦᠭᠡᠢ ᠪᠠᠷ ᠦᠮᠦᠭᠯᠡᠭᠴᠢ ᠶᠢᠨ ᠲᠤᠷᠠᠳᠤᠭᠰᠠᠨ ᠭᠡᠷᠡᠴᠢ ᠪᠠᠷᠢᠮᠳᠠ ᠴᠤᠭᠯᠠᠭᠤᠯᠬᠤ᠂ ᠰᠢᠯᠵᠢᠬᠦᠯᠦᠨ ᠠᠪᠴᠢᠷᠠᠬᠤ ᠪᠤᠶᠤ ᠭᠡᠷᠡᠴᠢᠯᠡᠭᠴᠢ ᠶᠢ ᠲᠢᠩᠭᠢᠮ ᠳᠤ ᠭᠠᠷᠭᠠᠨ ᠭᠡᠷᠡᠴᠢᠯᠡᠬᠦᠯᠬᠦ ᠭᠤᠶᠤᠴᠢᠯᠠᠯ ᠢ ᠵᠦᠪᠰᠢᠶᠡᠷᠡᠬᠦ  ᠦᠭᠡᠢ ᠪᠤᠶᠤ ᠬᠠᠷᠢᠭᠤᠯᠳᠠ ᠦᠭᠬᠦ ᠦᠭᠡᠢ ᠰᠢᠯᠳᠠᠭᠠᠨ ᠢᠶᠠᠨ ᠲᠤᠳᠤᠷᠬᠠᠢᠢᠯᠠᠬᠤ ᠦᠭᠡᠢ ᠪᠠᠶᠢᠬᠤ


︵11︶ ᠶᠠᠯ᠎ᠠ ᠬᠢᠭᠰᠡᠨ  ᠰᠡᠵᠢᠭᠲᠡᠨ᠂ ᠵᠠᠭᠠᠯᠳᠤᠭᠳᠠᠭᠴᠢ ᠶᠢᠨ ᠶᠠᠯ᠎ᠠ ᠦᠭᠡᠢ ᠪᠤᠶᠤ ᠶᠠᠯ᠎ᠠ ᠬᠦᠡᠭᠭᠡᠨ ᠢ ᠭᠡᠷᠡᠴᠢᠯᠡᠬᠦ ᠭᠡᠷᠡᠴᠢ ᠪᠠᠷᠢᠮᠳᠠ ᠶᠢᠨ ᠪᠢᠴᠢᠭ ᠮᠠᠲ᠋ᠧᠷᠢᠶᠠᠯ ᠢ ᠬᠠᠤᠯᠢ ᠶᠤᠰᠤᠭᠠᠷ  ᠲᠤᠰᠢᠶᠠᠭᠰᠠᠨ ᠦᠭᠡᠢ ᠪᠠᠶᠢᠬᠤ


︵12︶ ᠦᠮᠦᠭᠯᠡᠭᠴᠢ᠂ ᠵᠠᠷᠭᠤ ᠶᠢᠨ ᠤᠷᠤᠯᠠᠭᠴᠢ ᠶᠢᠨ ᠰᠠᠨᠠᠯ ᠢ ᠬᠠᠤᠯᠢ ᠶᠤᠰᠤᠭᠠᠷ ᠰᠤᠨᠤᠰᠤᠭᠰᠠᠨ ᠦᠭᠡᠢ ᠪᠠᠶᠢᠬᠤ


︵13︶ ᠲᠢᠩᠭᠢᠮ ᠨᠡᠭᠡᠭᠡᠬᠦ ᠴᠠᠭ ᠬᠤᠭᠤᠴᠠᠭ᠎ᠠ᠂ ᠭᠠᠵᠠᠷ ᠤᠷᠤᠨ ᠢ ᠴᠠᠭ ᠲᠤᠬᠠᠢ ᠳᠤᠨᠢ ᠦᠮᠦᠭᠯᠡᠭᠴᠢ᠂ ᠵᠠᠷᠭᠤ ᠶᠢᠨ ᠤᠷᠤᠯᠠᠭᠴᠢ ᠳᠤ ᠬᠠᠤᠯᠢ ᠶᠤᠰᠤᠭᠠᠷ ᠮᠡᠳᠡᠭᠳᠡᠭᠰᠡᠨ ᠦᠭᠡᠢ ᠪᠠᠶᠢᠬᠤ


︵14︶ ᠦᠮᠦᠭᠯᠡᠭᠴᠢ᠂ ᠵᠠᠷᠭᠤ ᠶᠢᠨ ᠤᠷᠤᠯᠠᠭᠴᠢ ᠳᠤ ᠭᠡᠷᠡᠭ ᠤᠨ ᠬᠠᠤᠯᠢ ᠴᠠᠭᠠᠵᠠ ᠶᠢᠨ ᠪᠢᠴᠢᠭ ᠬᠠᠷ᠎ᠠ ᠶᠢ ᠴᠠᠭ ᠲᠤᠬᠠᠢ ᠳᠤᠨᠢ ᠬᠦᠷᠭᠡᠬᠦ ᠦᠭᠡᠢ ᠪᠤᠶᠤ ᠭᠡᠷᠡᠭ ᠢ ᠰᠢᠯᠵᠢᠬᠦᠯᠦᠭᠰᠡᠨ ᠪᠠᠶᠢᠳᠠᠯ ᠢ ᠴᠠᠭ ᠲᠤᠬᠠᠢ ᠳᠤᠨᠢ ᠮᠡᠳᠡᠭᠳᠡᠭᠰᠡᠨ ᠦᠭᠡᠢ ᠪᠠᠶᠢᠬᠤ


︵15︶ ᠦᠮᠦᠭᠯᠡᠭᠴᠢ᠂ ᠵᠠᠷᠭᠤ ᠶᠢᠨ ᠤᠷᠤᠯᠠᠭᠴᠢ ᠶᠢᠨ ᠲᠢᠩᠭᠢᠮ ᠤᠨ ᠰᠢᠬᠦᠯᠳᠡ ᠲᠤᠮᠳᠠ ᠬᠠᠤᠯᠢ ᠶᠤᠰᠤᠭᠠᠷ ᠵᠠᠷᠭᠤ ᠶᠢᠨ ᠡᠷᠭᠡ ᠴᠢᠯᠦᠭᠡ ᠪᠠᠨ ᠭᠡᠷᠡᠭᠵᠢᠬᠦᠯᠬᠦ ᠶᠢ ᠬᠠᠷᠰᠢᠯᠠᠭᠰᠠᠨ ᠪᠠᠶᠢᠬᠤ


︵16︶ ᠦᠮᠦᠭᠯᠡᠭᠴᠢ᠂ ᠵᠠᠷᠭᠤ ᠶᠢᠨ ᠤᠷᠤᠯᠠᠭᠴᠢ ᠶᠢᠨ ᠵᠠᠷᠭᠤ ᠶᠢᠨ ᠡᠷᠭᠡ ᠴᠢᠯᠦᠭᠡ ᠪᠠᠨ ᠬᠠᠤᠯᠢ ᠶᠤᠰᠤᠭᠠᠷ ᠭᠡᠷᠡᠭᠵᠢᠬᠦᠯᠬᠦ ᠶᠢ ᠬᠠᠷᠰᠢᠯᠠᠭᠰᠠᠨ ᠪᠤᠰᠤᠳ ᠪᠠᠶᠢᠳᠠᠯ᠃


ᠬᠤᠶᠠᠷ᠂  ᠢᠯᠡᠴᠢᠯᠡᠨ ᠵᠠᠭᠠᠯᠳᠤᠯᠭ᠎ᠠ ᠶᠢ ᠰᠢᠢᠳᠪᠦᠷᠢᠯᠡᠬᠦ


ᠢᠯᠡᠴᠢᠯᠡᠨ ᠵᠠᠭᠠᠯᠳᠤᠭᠰᠠᠨ ᠵᠦᠢᠯ ᠪᠠᠶᠢᠳᠠᠯ ᠨᠢ ᠦᠨᠡᠨ ᠪᠤᠳᠠᠳᠠᠢ ᠶᠢ ᠪᠠᠶᠢᠴᠠᠭᠠᠨ ᠲᠤᠳᠤᠷᠬᠠᠢᠢᠯᠠᠵᠤ᠂ ᠤᠢᠢᠯᠡ ᠪᠠᠶᠢᠳᠠᠯ ᠨᠢ ᠬᠦᠡᠭᠭᠡᠨ ᠪᠤᠯ᠂ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠪᠤᠶᠤ ᠰᠠᠯᠠᠭ᠎ᠠ ᠮᠦᠴᠢᠷ ᠲᠤ ᠠᠮᠠᠨ ᠭᠡᠯᠪᠡᠷᠢ ᠪᠤᠶᠤ ᠪᠢᠴᠢᠭ ᠤᠨ ᠭᠡᠯᠪᠡᠷᠢ ᠪᠠᠷ ᠵᠠᠯᠠᠷᠠᠭᠤᠯᠬᠤ ᠰᠠᠨᠠᠯ ᠲᠤᠷᠠᠳᠤᠨ᠎ᠠ︔ ᠤᠢᠢᠯᠡ ᠪᠠᠶᠢᠳᠠᠯ ᠨᠢ ᠬᠦᠨᠳᠦ ᠨᠤᠴᠢᠳᠠᠢ ᠪᠠᠶᠢᠪᠠᠯ᠂ ᠬᠠᠤᠯᠢ ᠠᠴᠠ ᠵᠦᠷᠢᠴᠡᠭᠰᠡᠨ ᠢ ᠵᠠᠯᠠᠷᠠᠭᠤᠯᠬᠤ ᠮᠡᠳᠡᠭᠳᠡᠯ ᠤᠨ ᠪᠢᠴᠢᠭ ᠭᠠᠷᠭᠠᠨ᠂ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠵᠠᠯᠠᠷᠠᠭᠤᠯᠬᠤ ᠶᠢ ᠮᠡᠳᠡᠭᠳᠡᠨ᠎ᠡ︔ ᠬᠠᠤᠯᠢ ᠭᠡᠷᠡᠭᠵᠢᠬᠦᠯᠬᠦ ᠵᠢᠷᠤᠮ᠂ ᠬᠠᠤᠯᠢ ᠭᠡᠷᠡᠭᠵᠢᠬᠦᠯᠬᠦ ᠬᠠᠮᠢᠶᠠᠷᠤᠯᠳᠠ ᠯᠤᠳᠤ ᠶᠡᠭᠡ ᠠᠰᠠᠭᠤᠳᠠᠯ ᠤᠷᠤᠰᠢᠵᠤ ᠪᠠᠶᠢᠬᠤ ᠪᠤᠶᠤ ᠭᠡᠷᠡᠭ ᠲᠤ ᠬᠤᠯᠪᠤᠭᠳᠠᠭᠰᠠᠨ ᠬᠦᠮᠤᠰ ᠤᠨ ᠤᠢᠢᠯᠠ ᠠᠵᠢᠯᠯᠠᠭ᠎ᠠ ᠨᠢ ᠬᠠᠤᠯᠢ ᠠᠴᠠ ᠵᠦᠷᠢᠴᠡᠭᠰᠡᠨ ᠪᠤᠯᠪᠠᠴᠦ ᠶᠠᠯ᠎ᠠ ᠪᠦᠷᠢᠯᠳᠦᠭᠰᠡᠨ ᠦᠭᠡᠢ ᠪᠤᠯ᠂ ᠪᠠᠶᠢᠴᠠᠭᠠᠬᠤ ᠰᠠᠨᠠᠭᠤᠯᠭ᠎ᠠ ᠭᠠᠷᠭᠠᠨ᠎ᠠ︔ ᠶᠠᠯ᠎ᠠ ᠪᠦᠷᠢᠯᠳᠦᠭᠦᠯᠦᠭᠰᠡᠨ ᠪᠤᠯ ᠬᠠᠤᠯᠢ ᠴᠠᠭᠠᠵᠠ ᠶᠢᠨ ᠲᠤᠭᠳᠠᠭᠠᠯ ᠢ ᠦᠨᠳᠦᠰᠦᠯᠡᠨ ᠡᠷᠡᠬᠦᠦ ᠶᠢᠨ ᠬᠠᠷᠢᠭᠤᠴᠠᠯᠭ᠎ᠠ ᠨᠡᠭᠡᠮᠵᠢᠯᠡᠨ᠎ᠡ᠃


ᠢᠷᠡᠯᠲᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro