ᠲᠡᠷᠢᠭᠦᠨ ᠨᠢᠭᠤᠷ  -  ᠪᠠᠶᠢᠴᠠᠭᠠᠬᠤ ᠬᠤᠰᠢᠭᠤᠴᠢ

ᠬᠠᠨ ᠲᠡᠭᠷᠢ ᠮᠡᠲᠦ ᠪᠠᠶᠢᠴᠠᠭᠠᠬᠤ ᠰᠡᠳᠬᠢᠯᠭᠡ

2016-06-02 16:27:05
ᠵᠣᠬᠢᠶᠠᠭᠴᠢ

    ᠬᠠᠨ ᠲᠡᠭᠷᠢ ᠠᠯᠠᠱᠠ ᠂ ᠬᠠᠨ ᠲᠡᠭᠷᠢ ᠮᠡᠲᠦ ᠪᠠᠶᠢᠴᠠᠭᠠᠬᠤ ᠰᠡᠳᠬᠢᠯᠭᠡ ᠃ ᠠᠯᠠᠱᠠ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ ᠶᠢᠨ ᠮᠤᠩᠭᠤᠯ ᠡᠮᠡᠭᠲᠡᠢ ᠪᠠᠶᠢᠴᠠᠭᠠᠬᠤ ᠲᠤᠰᠢᠶᠠᠯᠲᠠᠨ ᠤᠶᠣᠩᠭᠤᠸ᠎ᠠ 30  ᠭᠠᠷᠤᠢ ᠵᠢᠯ ᠦᠨ ᠲᠤᠷᠰᠢ ᠪᠠᠶᠢᠴᠠᠭᠠᠬᠤ ᠠᠵᠢᠯ ᠤᠨ ᠪᠠᠶᠢᠷᠢ ᠳᠡᠭᠡᠷ᠎ᠡ ᠂ ᠰᠢᠨ᠎ᠡ ᠴᠠᠭ ᠦᠶ᠎ᠡ ᠶᠢᠨ ᠡᠮᠡᠭᠲᠡᠢ ᠪᠠᠶᠢᠴᠠᠭᠠᠬᠤ ᠲᠤᠰᠢᠶᠠᠯᠲᠠᠨ ᠤ ᠡᠭᠦᠷᠭᠡ ᠶᠢ ᠭᠤᠲᠤᠭᠠᠯ ᠦᠭᠡᠢ ᠡᠮᠡᠭᠲᠡᠢ ᠪᠠᠭᠠᠲᠦᠷ ᠤᠨ ᠴᠤᠭ ᠵᠢᠪᠬᠤᠭ᠎ᠠ ᠶᠢ ᠪᠠᠳᠠᠷᠠᠭᠤᠯᠤᠭᠰᠠᠨ ᠪᠠᠶᠢᠨ᠎ᠠ ᠃

    2011 ᠤᠨ ᠳᠤ ᠨᠢᠭᠡᠨ ᠭᠣᠮᠤᠳᠠᠯ ᠭᠠᠷᠭᠠᠭᠴᠢ ᠰᠢᠶᠧ ᠤᠪᠣᠭᠲᠣ ᠰᠢᠭᠦᠬᠦ ᠬᠤᠷᠢᠶ᠎ᠠ ᠶᠢᠨ ᠲᠡᠭᠦᠨ ᠦ ᠬᠦᠦ ᠳᠦ ᠶᠠᠯ᠎ᠠ ᠲᠠᠢ ᠬᠡᠮᠡᠬᠦ ᠰᠢᠭᠦᠨ ᠲᠠᠰᠤᠯᠤᠯᠲᠠ ᠶᠢ ᠵᠦᠪᠰᠢᠶᠡᠷᠡᠬᠦ ᠦᠭᠡᠢ  ᠪᠠᠶᠢᠵᠣ᠂ ᠪᠠᠶᠢᠴᠠᠭᠠᠬᠤ ᠬᠤᠷᠢᠶ᠎ᠠ  ᠳᠤ ᠬᠠᠤᠯᠢ  ᠶᠣᠰᠤᠭᠠᠷ ᠡᠰᠡᠷᠭᠦᠴᠡᠨ ᠵᠠᠭᠠᠯᠳᠤᠬᠤ ᠶᠢ ᠱᠠᠭᠠᠷᠳᠠᠵᠠᠢ ᠃  ᠡᠭᠦᠨ  ᠳᠦ ᠠᠯᠠᠱᠠ ᠠᠶᠢᠮᠠᠭ ᠤᠨ ᠭᠣᠮᠤᠳᠠᠯ ᠵᠠᠭᠠᠯᠳᠤᠯᠭ᠎ᠠ ᠪᠠᠶᠢᠴᠠᠭᠠᠬᠤ ᠭᠠᠵᠠᠷ  ᠤᠨ  ᠣᠶᠤᠩᠭᠤᠸ᠎ᠠ ᠨᠦᠬᠦᠷ ᠬᠠᠮᠢᠶ᠎ᠠ ᠪᠦᠬᠦᠢ ᠬᠡᠷᠡᠭ ᠦᠨ ᠡᠪᠬᠡᠮᠡᠯ ᠮᠠᠲ᠋ᠧᠷᠢᠶᠠᠯ ᠢ ᠨᠠᠷᠢᠨ ᠨᠢᠮᠪᠠᠢ ᠦᠵᠡᠭᠰᠡᠨ ᠦ ᠳᠠᠷᠠᠭ᠎ᠠ ᠂ ᠡᠰᠡᠷᠭᠦᠴᠡᠨ ᠵᠠᠭᠠᠯᠳᠤᠬᠤ  ᠱᠠᠭᠠᠷᠳᠠᠯᠭ᠎ᠠ ᠳᠦ ᠳᠤᠬᠢᠷᠠᠬᠤ ᠦᠭᠡᠢ ᠪᠠᠶᠢᠬᠤ ᠶᠢ ᠰᠢᠶᠧ ᠤᠪᠣᠭᠲᠣ  ᠳᠤ ᠬᠡᠯᠡᠵᠦ ᠥᠭᠴᠡᠢ ᠃  ᠭᠡᠪᠡᠴᠦ  ᠰᠢᠶᠧ ᠤᠪᠣᠭᠲᠣ  ᠦᠩᠭᠡᠨ ᠲᠠᠯ᠎ᠠ ᠳᠡᠭᠡᠷ᠎ᠡ ᠪᠡᠨ ᠵᠦᠪᠰᠢᠶᠡᠷᠡᠭᠰᠡᠨ ᠪᠣᠯᠪᠠᠴᠤ ᠦᠨᠡᠨ ᠰᠡᠳᠭᠢᠯ ᠡᠴᠡ ᠪᠡᠨ ᠪᠢᠰᠢᠷᠡᠬᠦ ᠦᠭᠡᠢ ᠪᠠᠶᠢᠵᠤ ᠂  ᠬᠦᠦ ᠶᠢ ᠨᠢ ᠬᠠᠤᠯᠢ ᠶᠢᠨ ᠲᠣᠣᠷ ᠲᠤ ᠤᠨᠠᠭᠠᠭᠰᠠᠨ ᠨᠦᠭᠦᠭᠡ  ᠲᠠᠯ᠎ᠠ ᠶᠢᠨ  ᠲᠤᠬᠠᠢ  ᠶᠢᠨ ᠬᠦᠮᠦᠨ  ᠡᠴᠡ ᠦᠰᠢᠶ᠎ᠡ ᠠᠪᠬᠤ  ᠪᠠᠷ ᠬᠠᠰᠬᠢᠷᠴᠦ ᠪᠠᠶᠢᠯ᠎ᠠ  ᠃  ᠣᠶᠤᠩᠭᠣᠸ᠎ᠠ  ᠨᠦᠬᠦᠷ ᠭᠣᠮᠤᠳᠠᠯ  ᠭᠠᠷᠭᠠᠭᠴᠢ  ᠶᠢᠨ  ᠰᠡᠳᠭᠢᠯ  ᠦᠨ  ᠵᠠᠩᠭᠢᠷᠠᠭ᠎ᠠ  ᠶᠢ ᠠᠯᠳᠠᠷᠠᠭᠤᠯᠬᠤ ᠶᠢᠨ ᠲᠦᠯᠦᠭᠡ ᠂ ᠤᠯᠠᠨ ᠤᠳᠠᠭ᠎ᠠ ᠰᠢᠶᠧ ᠤᠪᠣᠭᠲᠣ ᠶᠢᠨ ᠭᠡᠷ ᠲᠦ ᠬᠦᠷᠴᠦ ᠶᠤᠰᠤ ᠶᠠᠷᠢᠵᠦ ᠂ ᠬᠠᠤᠯᠢ  ᠲᠠᠶᠢᠯᠪᠤᠷᠢᠯᠠᠨ ᠂ ᠴᠠᠭ ᠲᠤᠬᠠᠢ ᠳᠤ ᠨᠢ ᠭᠣᠮᠤᠳᠠᠯ ᠭᠠᠷᠭᠠᠭᠴᠢ ᠶᠢᠨ ᠠᠭᠤᠷ ᠢ ᠨᠠᠮᠳᠠᠭᠠᠵᠦ ᠡᠭᠡᠳᠡᠷᠡᠭᠡᠨ ᠢ ᠲᠠᠶᠢᠯᠵᠤ ᠂ ᠬᠠᠮᠤᠭ ᠡᠴᠦᠰ ᠲᠦ ᠢᠲᠡᠭᠡᠯ ᠢ ᠨᠢ ᠤᠯᠤᠭᠰᠠᠨ ᠪᠠᠶᠢᠨ᠎ᠠ ᠃ ᠰᠢᠶᠧ ᠤᠪᠣᠭᠲᠣ  ᠥᠪᠡᠷ ᠦᠨ ᠤᠬᠠᠮᠰᠠᠷ ᠠᠴᠠ ᠪᠠᠨ ᠪᠠᠶᠢᠴᠠᠭᠠᠬᠤ ᠬᠤᠷᠢᠶ᠎ᠠ ᠳᠤ ᠬᠦᠷᠴᠦ  ᠵᠠᠭᠠᠯᠳᠤᠬᠤ ᠪᠠᠨ ᠪᠤᠯᠢᠬᠤ ᠬᠡᠯᠡᠯᠴᠡᠭᠡᠷ   ᠢ  ᠳᠤᠭᠲᠠᠭᠰᠠᠨ ᠪᠠᠶᠢᠨ᠎ᠠ ᠃

    2014 ᠤᠨ ᠳᠤ ᠯᠢᠶᠤᠤ ᠤᠪᠤᠭᠲᠤ  ᠠᠴᠠ ᠰᠢᠭᠦᠬᠦ ᠬᠤᠷᠢᠶ᠎ᠠ   ᠶᠢᠨ ᠰᠢᠭᠦᠨ ᠲᠠᠰᠤᠯᠤᠭᠰᠠᠨ ᠬᠡᠷ᠎ᠡ ᠶᠢᠨ ᠵᠢᠭᠤᠷᠠᠭᠠᠨ ᠤ ᠲᠤᠬᠠᠢ ᠰᠢᠭᠦᠨ ᠲᠠᠰᠤᠯᠤᠯᠲᠠ ᠨᠢ ᠲᠥᠪ ᠭᠤᠤᠯᠴᠢ ᠪᠤᠰᠤ ᠬᠡᠮᠡᠨ ᠤᠯᠠᠨ ᠤᠳᠠᠭ᠎ᠠ ᠡᠯ᠎ᠡ ᠰᠠᠯᠠᠭ᠎ᠠ ᠮᠦᠴᠢᠷ ᠲᠦ ᠬᠦᠷᠴᠦ ᠰᠤᠷᠪᠤᠯᠵᠢᠯᠠᠭ᠎ᠠ  ᠬᠢᠵᠦ ᠂ ᠬᠠᠮᠢᠶ᠎ᠠ ᠪᠦᠬᠦᠢ ᠰᠠᠯᠠᠭ᠎ᠠ ᠮᠦᠴᠢᠷ ᠤᠯᠠᠨ ᠤᠳᠠᠭ᠎ᠠ ᠬᠦᠯᠢᠶᠡᠨ ᠠᠭᠤᠯᠵᠠᠵᠤ  ᠲᠠᠶᠢᠯᠪᠤᠷᠢᠯᠠᠨ ᠶᠠᠷᠢᠭᠰᠠᠨ ᠪᠣᠯᠪᠠᠴᠤ ᠯᠢᠶᠤᠤ ᠤᠪᠤᠭᠲᠤ ᠮᠦᠨ ᠯᠡ ᠥᠪᠡᠷᠲᠡᠭᠡᠨ ᠵᠠᠰᠠᠬᠤ ᠤᠷᠤᠨ ᠂  ᠪᠡᠭᠡᠵᠢᠩ  ᠳᠦ ᠬᠦᠷᠴᠦ ᠬᠡᠲᠦᠷᠡᠮᠡᠬᠡᠢ ᠰᠤᠷᠪᠤᠯᠵᠢᠯᠠᠭ᠎ᠠ  ᠬᠢᠵᠦ  ᠂ ᠰᠡᠳᠭᠢᠯᠭᠡ ᠶᠢᠨ ᠪᠠᠶᠢᠳᠠᠯ ᠲᠦᠢᠯ ᠦᠨ ᠳᠤᠭᠲᠠᠪᠤᠷᠢ ᠦᠭᠡᠢ ᠪᠠᠶᠢᠵᠤ ᠂ ᠴᠢᠨᠠᠭᠰᠢᠯᠠᠨ ᠴᠤᠩᠬᠤ ᠪᠠᠷ ᠦᠰᠦᠷᠴᠦ ᠪᠡᠶ᠎ᠡ ᠪᠡᠨ ᠬᠤᠤᠷᠯᠠᠬᠤ ᠪᠠᠷ ᠠᠵᠢᠯᠲᠠᠨ ᠢ ᠠᠶᠤᠯᠭᠠᠵᠤ ᠂ ᠪᠠᠶᠢᠭᠤᠯᠭ᠎ᠠ ᠶᠢᠨ ᠶᠠᠷᠦ ᠶᠢᠨ ᠠᠵᠢᠯ ᠤᠨ ᠡᠮᠬᠢ ᠵᠢᠷᠤᠮ ᠢ  ᠰᠠᠮᠠᠷᠠᠭᠤᠯᠤᠭᠰᠠᠨ ᠪᠠᠶᠢᠨ᠎ᠠ ᠃ ᠯᠢᠶᠤᠤ ᠤᠪᠤᠭᠲᠤ ᠠᠭᠠᠰᠢ ᠵᠠᠡᠭ ᠳᠤᠭᠰᠢᠨ ᠂ ᠬᠤᠶᠠᠷ ᠦᠭᠡ ᠬᠡᠯᠡᠬᠦ ᠦᠭᠡᠢ ᠬᠦᠮᠦᠨ ᠬᠠᠷᠢᠶᠠᠨ᠎ᠠ ᠃ ᠡᠭᠦᠨ  ᠳᠦ ᠣᠶᠤᠩᠭᠣᠸ᠎ᠠ ᠨᠦᠬᠦᠷ ᠢᠳᠡᠪᠬᠢᠲᠠᠢ ᠪᠠᠷ ᠯᠢᠶᠤᠤ ᠤᠪᠤᠭᠲᠤ ᠶᠢ ᠬᠦᠯᠢᠶᠡᠨ ᠠᠭᠤᠯᠵᠠᠵᠤ ᠂ ᠲᠡᠭᠦᠨ ᠦ  ᠵᠠᠷᠭᠤ ᠶᠢᠨ ᠱᠠᠭᠠᠷᠳᠠᠯᠭ᠎ᠠ ᠶᠢ ᠬᠦᠯᠢᠴᠡᠩᠭᠦᠢ ᠪᠡᠷ ᠰᠤᠨᠤᠰᠴᠦ ᠂ ᠬᠡᠷᠡᠭ ᠦᠨ ᠨᠠᠷᠢᠨ ᠤᠴᠢᠷ ᠢ ᠠᠰᠠᠭᠤᠨ ᠯᠠᠪᠯᠠᠵᠤ ᠂ ᠡᠶᠡᠯᠳᠡᠭ ᠦᠭᠡ ᠶᠠᠷᠢᠶ᠎ᠠ ᠪᠠ ᠬᠠᠯᠠᠭᠤᠮᠰᠤᠭ ᠦᠢᠯᠡᠴᠢᠯᠡᠭᠡ ᠪᠡᠷ ᠢᠶᠡᠨ ᠯᠢᠶᠤᠤ ᠤᠪᠤᠭᠲᠤ ᠶᠢᠨ ᠬᠥᠨᠳᠦᠳᠬᠡᠯ ᠪᠠ ᠤᠶᠢᠯᠠᠭᠠᠯᠲᠠ ᠶᠢ  ᠣᠯᠤᠭᠰᠠᠨ ᠪᠠᠶᠢᠨ᠎ᠠ ᠃ ᠡᠭᠦᠨ ᠦ ᠬᠠᠮᠲᠦ ᠲᠡᠷᠡ ᠤᠤᠯ ᠬᠡᠷᠡᠭ ᠦᠨ ᠳᠠᠭᠠᠭᠠᠨ ᠰᠢᠳᠬᠡᠭᠴᠢ ᠲᠠᠢ ᠢᠳᠡᠪᠬᠢᠲᠠᠢ ᠤᠶᠢᠯᠠᠭᠠᠯᠴᠠᠨ ᠨᠡᠪᠲᠡᠷᠡᠯᠴᠡᠵᠦ ᠂ ᠬᠡᠷᠡᠭ ᠦᠨ ᠬᠠᠮᠢᠶ᠎ᠠ ᠪᠦᠬᠦᠢ ᠪᠤᠳᠠᠲᠤ ᠤᠴᠢᠷ ᠵᠢᠴᠢ ᠲᠤᠬᠠᠢ ᠶᠢᠨ ᠦᠶ᠎ᠡ ᠳᠦ ᠰᠢᠢᠳᠪᠤᠷᠢᠯᠡᠭᠰᠡᠨ ᠦᠷ᠎ᠡ ᠳ᠋ᠦᠡᠭ ᠢ ᠨᠠᠷᠢᠨ ᠬᠢᠨᠠᠮᠠᠭᠠᠢ  ᠬᠠᠷᠭᠤᠭᠤᠯᠵᠤ ᠂ ᠠᠶᠢᠮᠠᠭ ᠂ ᠬᠤᠰᠢᠭᠤ ᠬᠤᠶᠠᠷ ᠱᠠᠲᠤᠨ ᠤ ᠰᠢᠭᠦᠬᠦ ᠬᠤᠷᠢᠶ᠎ᠠ ᠳᠤ ᠬᠦᠷᠴᠦ ᠂ ᠪᠦᠬᠦ ᠬᠡᠷᠡᠭ ᠦᠨ ᠡᠪᠬᠡᠮᠡᠯ ᠮᠠᠲ᠋ᠧᠷᠢᠶᠠᠯ ᠢ ᠰᠢᠯᠵᠢᠭᠦᠯᠦᠨ ᠠᠪᠴᠤ ᠪᠠᠶᠢᠴᠠᠭᠠᠨ ᠤᠶᠢᠯᠠᠭᠠᠵᠤ ᠂ ᠬᠠᠮᠤᠭ ᠰᠡᠬᠦᠯ ᠳᠦ ᠰᠢᠭᠦᠬᠦ ᠬᠤᠷᠢᠶ᠎ᠠ ᠵᠢᠴᠢ ᠪᠠᠶᠢᠴᠠᠭᠠᠬᠤ ᠬᠤᠷᠢᠶ᠎ᠠ ᠶᠢᠨ ᠲᠤᠬᠠᠢ ᠶᠢᠨ ᠦᠶ᠎ᠡ ᠶᠢᠨ ᠲᠤᠰ ᠬᠡᠷᠡᠭ ᠢ ᠰᠢᠢᠳᠪᠦᠷᠢᠯᠡᠭᠰᠡᠨ ᠪᠦᠬᠦ ᠦᠷ᠎ᠡ ᠳ᠋ᠦᠡᠭ ᠢ ᠪᠠᠶᠢᠴᠠᠭᠠᠨ ᠲᠤᠳᠤᠯᠠᠵᠤ ᠂ ᠯᠢᠶᠤᠤ ᠤᠪᠤᠭᠲᠤ ᠳᠤ ᠨᠠᠷᠢᠨ ᠨᠢᠮᠪᠠᠢ ᠬᠠᠷᠢᠭᠤᠯᠲᠠ ᠥᠭᠴᠡᠢ ᠃ ᠪᠤᠲᠠᠳᠤ ᠬᠡᠷᠡᠭ ᠦᠨ ᠡᠮᠦᠨ᠎ᠡ ᠯᠢᠶᠤᠤ ᠤᠪᠤᠭᠲᠤ ᠪᠠᠶᠢᠴᠠᠭᠠᠬᠤ ᠬᠤᠷᠢᠶ᠎ᠠ ᠶᠢᠨ ᠪᠢᠴᠢᠭ ᠦᠨ ᠬᠡᠯᠪᠡᠷᠢ ᠶᠢᠨ ᠬᠠᠷᠢᠭᠤᠯᠲᠠ ᠶᠢ ᠬᠦᠯᠢᠶᠡᠨ ᠠᠪᠴᠦ ᠂ ᠡᠭᠦᠨ ᠦ ᠬᠠᠮᠲᠤ ᠳᠠᠬᠢᠵᠤ ᠳᠡᠭᠡᠭᠰᠢ ᠰᠤᠷᠪᠤᠯᠵᠢᠯᠠᠭ᠎ᠠ ᠬᠢᠬᠦ ᠦᠭᠡᠢ ᠭᠡᠵᠤ ᠠᠮᠠᠯᠳᠤᠭᠰᠠᠨ ᠪᠠᠶᠢᠨ᠎ᠠ ᠃

    ᠣᠶᠤᠩᠭᠣᠸ᠎ᠠ ᠨᠦᠬᠦᠷ ᠤᠯᠠᠨ ᠤᠳᠠᠭ᠎ᠠ ᠪᠠᠶᠢᠭᠤᠯᠭ᠎ᠠ ᠶᠢᠨ ᠲᠡᠷᠢᠭᠦᠨ ᠦ ᠠᠵᠢᠯᠲᠠᠨ ᠂ ᠰᠢᠯᠢᠳᠡᠭ ᠨᠠᠮ ᠤᠨ ᠭᠡᠰᠢᠭᠦᠨ ᠂ ᠰᠢᠯᠢᠳᠡᠭ ᠨᠠᠮ ᠤᠨ ᠠᠵᠢᠯ ᠤᠨ ᠠᠵᠢᠯᠲᠠᠨ ᠂ ᠰᠢᠯᠢᠳᠡᠭ ᠠᠯᠪᠠᠲᠠᠨ ᠂ ᠪᠦᠬᠦ ᠤᠷᠤᠨ ᠤ ᠵᠠᠰᠠᠭ ᠵᠠᠬᠢᠷᠭᠠᠨ ᠬᠠᠤᠯᠢ ᠴᠠᠭᠠᠵᠠ ᠶᠢᠨ ᠰᠢᠰᠲ᠋ᠧᠮ ᠦᠨ《3.8 ᠦ ᠤᠯᠠᠭᠠᠨ ᠲᠤᠭᠴᠢ》 ᠵᠡᠷᠭᠡ  ᠴᠤᠯᠠ ᠬᠦᠷᠲᠡᠭᠰᠡᠨ ᠪᠠᠶᠢᠨ᠎ᠠ ᠃  ᠲᠡᠭᠦᠨ ᠦ ᠦᠢᠯᠡᠳᠦᠭᠰᠡᠨ ᠬᠤᠶᠠᠷ ᠬᠤᠪᠢ ᠡᠷᠡᠭᠦᠦ ᠶᠢᠨ ᠬᠡᠷᠡᠭ ᠦᠨ ᠭᠤᠮᠤᠳᠠᠯ ᠵᠠᠭᠠᠯᠳᠤᠯᠭ᠎ᠠ ᠶᠢᠨ ᠳᠠᠬᠢᠨ ᠪᠠᠶᠢᠴᠠᠭᠠᠬᠤ ᠳᠤᠭᠲᠠᠭᠠᠯ ᠤᠨ ᠪᠢᠴᠢᠭ ᠨᠢ ᠪᠦᠬᠦ ᠤᠷᠤᠨ ᠤ ᠪᠠᠶᠢᠴᠠᠭᠠᠬᠤ ᠪᠠᠶᠢᠭᠤᠯᠭ᠎ᠠ ᠶᠢᠨ ᠬᠠᠤᠯᠢ ᠴᠠᠭᠠᠵᠠ ᠶᠢᠨ ᠪᠢᠴᠢᠭ ᠬᠠᠷ᠎ᠠ ᠶᠢᠨ ᠦᠨᠡᠯᠡᠨ ᠰᠢᠯᠭᠠᠷᠠᠭᠤᠯᠤᠯᠲᠠ ᠶᠢᠨ ᠬᠦᠳᠡᠯᠭᠡᠭᠡᠨ ᠳᠦ ᠰᠢᠯᠢᠳᠡᠭ ᠬᠠᠤᠯᠢ ᠴᠠᠭᠠᠵᠠ ᠶᠢᠨ ᠪᠢᠴᠢᠭ  ᠬᠠᠷ᠎ᠠ ᠪᠠᠷ ᠦᠨᠡᠯᠡᠭᠳᠡᠪᠡ ᠃ 2009  ᠤᠨ ᠠᠴᠠ ᠲᠡᠷᠡ ᠠᠯᠠᠱᠠ ᠠᠶᠢᠮᠠᠭ ᠤᠨ ᠬᠤᠪᠢᠶᠠᠷᠢ ᠬᠤᠷᠢᠶ᠎ᠠ ᠶᠢᠨ ᠭᠤᠮᠤᠳᠠᠯ ᠵᠠᠭᠠᠯᠳᠤᠯᠭ᠎ᠠ ᠶᠢᠨ ᠪᠠᠶᠢᠴᠠᠭᠠᠬᠤ ᠭᠠᠵᠠᠷ ᠤᠨ ᠭᠠᠵᠠᠷ ᠤᠨ ᠳᠠᠷᠤᠭ᠎ᠠ ᠪᠤᠯᠤᠭᠰᠠᠨ ᠠᠴᠠ  ᠠᠪᠤᠭᠠᠳ ᠂ ᠲᠡᠷᠡ ᠬᠦᠯᠢᠴᠡᠭᠭᠦᠢ ᠂ ᠨᠠᠷᠢᠨ ᠬᠢᠨᠠᠮᠠᠭᠠᠢ ᠂  ᠬᠠᠷᠢᠭᠤᠴᠠᠯᠭᠠᠲᠤ  ᠣᠪᠣᠷ ᠢᠶᠠᠷ ᠠᠵᠢᠯ ᠤᠨ ᠠᠷᠭ᠎ᠠ ᠳᠡᠮ ᠪᠤᠯᠭᠠᠵᠤ ᠂ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠪᠤᠯᠭᠠᠨ ᠳᠤ ᠬᠢᠨᠠᠮᠠᠭᠠᠢ ᠬᠠᠨᠳᠤᠵᠤ ᠂ ᠤᠯᠠᠨ ᠠᠷᠪᠢᠨ ᠪᠤᠳᠤᠯᠢᠶᠠᠨᠲᠠᠢ  ᠬᠡᠲᠦᠷᠡᠮᠡᠬᠡᠢ ᠰᠤᠷᠪᠤᠯᠵᠢᠯᠠᠭ᠎ᠠ ᠶᠢᠨ ᠬᠡᠷᠡᠭ ᠢ ᠠᠮᠵᠢᠯᠲᠠ ᠲᠠᠢ ᠰᠢᠢᠳᠪᠤᠷᠢᠯᠡᠵᠤ ᠂ ᠬᠡᠳᠦᠨ ᠵᠢᠯ ᠳᠠᠷᠠᠭᠠᠯᠠᠨ ᠪᠡᠭᠡᠵᠢᠩ ᠤᠷᠤᠵᠤ ᠵᠠᠬᠢᠳᠠᠯ ᠰᠤᠷᠪᠤᠯᠵᠢᠯᠠᠭ᠎ᠠ ᠬᠢᠬᠦ《 ᠳᠡᠭ》 ᠬᠠᠷᠠᠯᠲᠠ ᠶᠢ ᠪᠤᠳᠠᠳᠠᠶᠢᠵᠢᠭᠤᠯᠵᠤ ᠂ ᠠᠯᠠᠱᠠ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ  ᠵᠠᠯᠭᠠᠭ᠎ᠠ ᠪᠠᠷ ᠳᠦᠷᠪᠡᠨ ᠬᠤᠭᠤᠴᠠᠭᠠᠨ ᠤ《 ᠪᠦᠬᠦ ᠤᠯᠤᠰ ᠤᠨ ᠪᠤᠯᠪᠠᠰᠤᠨ ᠬᠦᠯᠢᠶᠡᠨ ᠠᠪᠬᠤ ᠲᠠᠰᠤᠭ》 ᠬᠡᠮᠡᠬᠦ ᠢᠷᠠᠭᠤ ᠠᠯᠳᠠᠷ ᠢ ᠤᠯᠤᠭᠰᠠᠨ ᠪᠠᠶᠢᠨ᠎ᠠ ᠃

    ᠣᠶᠤᠩᠭᠣᠸ᠎ᠠ ᠨᠦᠬᠦᠷ ᠡᠭᠡᠯ  ᠵᠢᠷ ᠦᠨ ᠠᠵᠢᠯ ᠤᠨ ᠪᠠᠶᠢᠷᠢ ᠳᠡᠭᠡᠷ᠎ᠡ ᠪᠡᠨ ᠮᠠᠰᠢ ᠡᠭᠡᠯ ᠵᠢᠷ ᠦᠨ  ᠠᠵᠢᠯ ᠢ ᠬᠢᠳᠡᠭ ᠪᠣᠯᠪᠠᠴᠤ ᠲᠡᠭᠦᠨ ᠦ ᠬᠢᠭᠰᠡᠨ ᠠᠵᠢᠯ ᠨᠢᠭᠡᠪᠦᠷᠢ ᠨᠢ ᠴᠦᠮ ᠮᠠᠰᠢ  ᠪᠣᠳᠠᠳᠠᠢ ᠪᠠᠶᠢᠵᠤ ᠂  ᠨᠠᠰᠤᠨ ᠲᠤᠷᠰᠢᠲᠠ ᠠᠷᠠᠳ ᠲᠦᠮᠡᠨ ᠳ᠋ᠡᠭᠡᠨ ᠦᠢᠯᠡᠴᠢᠯᠡᠬᠦ ᠨᠠᠮ ᠤᠨ ᠭᠡᠰᠢᠭᠦᠨ ᠦ ᠠᠮᠠᠯᠠᠯᠲᠠ ᠪᠠᠨ ᠪᠡᠶᠡᠯᠡᠭᠦᠯᠦᠭᠰᠡᠭᠡᠷ ᠢᠷᠡᠵᠡᠢ ᠃

1.jpg


                                                    

ᠢᠷᠡᠯᠲᠡ
ᠪᠠᠭᠠᠷᠢᠨ ᠵᠡᠭᠦᠨ ᠬᠣᠰᠢᠭᠤᠨ ᠤ ᠪᠠᠶᠢᠴᠠᠭᠠᠬᠤ ᠬᠣᠷᠢᠶ᠎ᠠ ᠶᠢᠨ ᠬᠠᠰᠨᠠᠪᠴᠢ ᠬᠠᠩᠭᠠᠪᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro