ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠪᠦᠬᠦ ᠤᠯᠤᠰ ᠤᠨ ᠪᠠᠶᠢᠴᠠᠭᠠᠬᠤ ᠪᠠᠶᠢᠭᠤᠯᠭ᠎ᠠ ᠶᠢᠨ ᠳᠠᠪᠬᠤᠷᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠭᠣᠣᠯᠳᠠᠯᠭ᠎ᠠ ᠲᠠᠶ ᠭᠠᠵᠠᠷ ᠣᠷᠣᠨ ᠤ ᠵᠠᠷᠭᠤ ᠶᠢᠨ ᠢᠷᠡᠯᠳᠡ ᠶᠢ ᠵᠠᠰᠠᠬᠤ ᠪᠠ ᠵᠠᠬᠢᠳᠠᠯ ᠰᠤᠷᠪᠤᠯᠵᠢᠯᠠᠭ᠎ᠠ ᠶᠢᠨ ᠳᠠᠷᠤᠭᠳᠠᠮᠠᠯ ᠬᠡᠷᠡᠭ ᠢ ᠦᠨᠡᠨ ᠪᠣᠳᠠᠲᠠᠢ ᠪᠠᠷ ᠰᠢᠢᠳᠪᠦᠷᠢᠯᠡᠬᠦ ᠶᠢ ᠠᠬᠢᠭᠤᠯᠬᠤ ᠬᠤᠷᠠᠯ ᠬᠥᠯᠥᠨ ᠪᠤᠢᠢᠷ ᠲᠤ ᠬᠤᠷᠠᠯᠳᠤᠪᠠ

2023-09-15 17:15:01
ᠵᠣᠬᠢᠶᠠᠭᠴᠢ
ᠥᠪᠡᠷᠲᠡᠭᠡᠨ ᠵᠠᠰᠠᠬᠤ ᠣᠷᠤᠨ ᠤ ᠪᠠᠶᠢᠴᠠᠭᠠᠬᠤ ᠬᠣᠷᠢᠶ᠎ᠠ ᠶᠢᠨ ᠣᠷᠴᠢᠭᠤᠯᠭ᠎ᠠ ᠶᠢᠨ ᠭᠠᠵᠠᠷ

 

 

8 ᠰᠠᠷ᠎ᠠ ᠶᠢᠨ 24 ᠦ ᠡᠳᠦᠷ ᠦᠨ ᠦᠳᠡ ᠶᠢᠨ ᠡᠮᠦᠨ᠎ᠡ ᠂ ᠪᠥᠬᠥ ᠤᠯᠤᠰ ᠤᠨ ᠪᠠᠶᠢᠴᠠᠭᠠᠬᠤ ᠪᠠᠶᠢᠭᠤᠯᠭ᠎ᠠ ᠶᠢᠨ ᠵᠠᠬᠢᠳᠠᠯ ᠰᠤᠷᠪᠤᠯᠵᠢᠯᠠᠭ᠎ᠠ ᠶᠢᠨ ᠭᠣᠸᠯᠳᠠᠯᠭ᠎ᠠ ᠲᠠᠶ ᠭᠠᠵᠠᠷ ᠣᠷᠣᠨ ᠤ ᠵᠠᠭᠠᠯᠳᠤᠯᠭ᠎ᠠ ᠶᠢᠨ ᠢᠷᠡᠯᠲᠡ ᠶᠢ ᠵᠠᠰᠠᠬᠤ ᠪᠠ ᠵᠠᠬᠢᠳᠠᠯ ᠰᠤᠷᠪᠤᠯᠵᠢᠯᠠᠭ᠎ᠠ ᠶᠢᠨ ᠳᠠᠷᠤᠭᠳᠠᠮᠠᠯ ᠬᠡᠷᠡᠭ ᠢ ᠦᠨᠡᠨ ᠪᠣᠳᠠᠲᠠᠶ ᠪᠠᠷ ᠰᠢᠶᠳᠪᠦᠷᠢᠯᠡᠬᠦ ᠶᠢ ᠳᠥᠯᠭᠢᠨ ᠠᠬᠢᠭᠤᠯᠬᠤ ᠬᠤᠷᠠᠯ ᠬᠥᠯᠥᠨ ᠪᠣᠶᠢᠷ ᠬᠣᠲᠠ ᠳᠤ ᠡᠬᠢᠯᠡᠪᠡ ᠃ᠠᠷᠠᠳ ᠤᠨ ᠳᠡᠭᠡᠳᠦ ᠪᠠᠶᠢᠴᠠᠭᠠᠬᠤ ᠬᠣᠷᠢᠶᠠᠨ ᠤ ᠬᠣᠶᠠᠳᠤᠭᠠᠷ ᠳᠡᠰ ᠤᠨ ᠶᠡᠬᠡ ᠪᠠᠶᠢᠴᠠᠭᠠᠬᠤ ᠲᠤᠰᠢᠶᠠᠯᠲᠠᠨ ᠸᠠᠨ ᠴᠦᠨ ᠬᠤᠷᠠᠯ ᠳᠤ ᠣᠷᠣᠯᠴᠠᠵᠤ᠂ ᠠᠷᠪᠠᠳᠤᠭᠠᠷ ᠪᠠᠶᠢᠴᠠᠭᠠᠬᠤ ᠲᠢᠩᠬᠢᠮ ᠦᠨ ᠳᠠᠷᠤᠭ᠎ᠠ ᠰᠢᠤᠢ ᠰᠢᠶᠠᠩ ᠴᠦᠨ ᠵᠠᠬᠢᠳᠠᠯ ᠰᠤᠷᠪᠤᠯᠵᠢᠯᠠᠭ᠎ᠠ ᠶᠢᠨ ᠡᠬᠢ ᠡᠭᠦᠰᠦᠯ ᠡᠴᠡ ᠨᠢ ᠵᠠᠰᠠᠬᠤ ᠭᠤᠷᠪᠠᠨ ᠵᠢᠯ ᠦᠨ ᠪᠣᠭᠣᠮᠲᠠ ᠰᠢᠪᠲᠤᠯᠬᠤ ᠠᠵᠢᠯᠯᠠᠭ᠎ᠠ ᠪᠠ ᠳᠠᠪᠬᠤᠷᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠵᠥᠷᠢᠴᠡᠯ ᠢ ᠦᠨᠡᠨ ᠪᠣᠳᠠᠲᠠᠢ ᠪᠠᠷ ᠰᠢᠢᠳᠪᠦᠷᠢᠯᠡᠬᠦ ᠭᠤᠷᠪᠠᠨ ᠵᠢᠯ ᠦᠨ ᠴᠡᠪᠡᠷᠯᠡᠯᠲᠡ ᠵᠢᠨ ᠠᠵᠢᠯᠯᠠᠭ᠎ᠠ ᠶᠢᠨ ᠠᠬᠢᠴᠠ ᠶᠢᠨ ᠪᠠᠶᠢᠳᠠᠯ ᠢ ᠮᠡᠳᠡᠭᠳᠡᠪᠡ︔ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ ᠂ ᠪᠠᠶᠢᠴᠠᠭᠠᠬᠤ ᠳᠠᠷᠤᠭ᠎ᠠ ᠯᠢ ᠶᠦᠩ ᠵᠢᠶᠦ᠋ᠨ ᠂ ᠬᠥᠯᠥᠨ ᠪᠣᠶᠢᠷ ᠬᠣᠲᠠ ᠶᠢᠨ ᠨᠠᠮ ᠤᠨ ᠬᠣᠷᠢᠶ᠎ᠠ ᠶᠢᠨ ᠳᠡᠳ᠋ ᠱᠦᠵᠢ ᠂ ᠤᠯᠤᠰ ᠲᠥᠷᠥ ᠬᠠᠸᠯᠢ ᠴᠠᠭᠠᠵᠠ ᠶᠢᠨ ᠬᠣᠷᠢᠶ᠎ᠠ ᠶᠢᠨ ᠱᠦᠵᠢ ᠪᠠᠶ ᠬᠠᠶ ᠯᠢᠨ ᠪᠠᠶᠠᠷ ᠤᠨ ᠦᠭᠡ ᠬᠡᠯᠡᠵᠡᠶ ᠃ ᠠᠷᠠᠳ ᠤᠨ ᠳᠡᠭᠡᠳᠦ ᠪᠠᠶᠢᠴᠠᠭᠠᠬᠤ ᠬᠣᠷᠢᠶᠠᠨ ᠤ ᠠᠷᠪᠠᠳᠤᠭᠠᠷ ᠪᠠᠶᠢᠴᠠᠭᠠᠬᠤ ᠲᠢᠩᠬᠢᠮ ᠦᠨ ᠨᠢᠭᠡᠳᠦᠭᠡᠷ ᠳᠡᠰ ᠤᠨ ᠳᠡᠭᠡᠳᠦ ᠵᠡᠷᠭᠡ  ᠶᠢᠨ ᠪᠠᠶᠢᠴᠠᠭᠠᠬᠤ ᠲᠤᠰᠢᠶᠠᠯᠲᠠᠨ ᠳ᠋ᠦ᠋ ᠶᠠ ᠴᠢ ᠬᠤᠷᠠᠯ ᠡᠷᠭᠢᠯᠡᠪᠡ ᠃

 

 

ᠯᠢ ᠶᠦᠩ ᠵᠢᠶᠦ᠋ᠨ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠪᠣᠯᠤᠨ ᠪᠥᠬᠥ ᠣᠷᠣᠨ ᠤ ᠪᠠᠶᠢᠴᠠᠭᠠᠬᠤ ᠪᠠᠶᠢᠭᠤᠯᠭ᠎ᠠ ᠶᠢ ᠲᠥᠯᠥᠭᠡᠯᠡᠨ ᠬᠤᠷᠠᠯ ᠳᠤ ᠣᠷᠣᠯᠴᠠᠭᠰᠠᠳ ᠤᠨ ᠬᠦᠷᠦᠯᠴᠡᠨ ᠢᠷᠡᠭᠰᠡᠨ ᠢ ᠴᠢᠩ ᠰᠡᠳᠬᠢᠯ ᠡᠴᠡ ᠪᠡᠨ ᠪᠠᠶᠠᠷᠯᠠᠨ ᠤᠭᠲᠤᠵᠤ ᠪᠠᠶᠢᠬᠤ ᠪᠠᠨ ᠢᠯᠡᠳᠬᠡᠪᠡ ᠃ ᠯᠢ ᠶᠦᠩ ᠵᠢᠶᠦ᠋ᠨ  ᠥᠪᠥᠷ ᠮᠣᠩᠭᠣᠯ ᠤᠨᠣᠨᠴᠠᠭᠠᠶ ᠭᠠᠵᠠᠷ ᠵᠦᠶ ᠶᠢᠨ ᠣᠷᠴᠢᠨ ᠲᠣᠭᠣᠷᠢᠨ  ᠪᠠ  ᠭᠠᠵᠠᠷ ᠤᠨ ᠭᠠᠳᠠᠷᠭᠤ ᠵᠢᠨ ᠤᠨᠴᠠᠯᠢᠭ ᠢ ᠴᠤᠬᠤᠰ ᠳᠤᠷᠠᠳᠴᠤ᠂ ᠰᠢ ᠶᠢᠨ ᠫᠢᠩ ᠶᠡᠷᠦᠩᠬᠡᠶ ᠱᠦᠵᠢ ᠵᠢᠨ ᠥᠪᠥᠷ ᠮᠣᠩᠭᠣᠯᠯ ᠳᠤ ᠲᠤᠰᠢᠶᠠᠭᠰᠠᠨ ᠲᠠᠪᠤᠨ ᠶᠡᠬᠡ ᠡᠭᠦᠷᠭᠡ ᠪᠠ ᠵᠢᠱᠢᠶᠡᠴᠢ ᠥᠪᠡᠷᠲᠡᠭᠡᠨ ᠵᠠᠰᠠᠬᠤ ᠣᠷᠣᠨ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠬᠣᠶᠠᠷ ᠶᠡᠬᠡ ᠶᠠᠪᠤᠳᠠᠯ ᠤᠨ ᠲᠣᠭᠣᠷᠢᠨ ᠳᠤ ᠥᠪᠥᠷ ᠮᠣᠩᠭᠣᠯ ᠤᠨ ᠪᠠᠶᠢᠴᠠᠭᠠᠬᠤ ᠠᠵᠢᠯ ᠤᠨ ᠣᠳᠣᠬᠢᠴᠢᠯᠠᠯᠲᠠ ᠶᠢ ᠬᠦᠴᠦᠯᠡᠨ ᠠᠬᠢᠭᠤᠯᠵᠤ  ᠠᠭᠢᠭᠤᠯᠤᠨ᠎ᠠ ᠭᠡᠵᠦ ᠢᠯᠡᠷᠬᠡᠶᠢᠯᠡᠭᠰᠡᠨ ᠪᠠᠶᠢᠨ᠎ᠠ᠃

ᠯᠢ ᠶᠦᠩ ᠵᠢᠶᠦ᠋ᠨ ᠵᠢᠭᠠᠵᠤ ᠭᠠᠷᠭᠠᠭᠰᠠᠨ ᠨᠢ ᠂ ᠥᠪᠥᠷ ᠮᠣᠩᠭᠣᠯ ᠤᠨ ᠭᠤᠷᠪᠠᠨ ᠱᠠᠲᠤᠨ ᠤ ᠪᠠᠶᠢᠴᠠᠭᠠᠬᠤ ᠪᠠᠶᠢᠭᠤᠯᠭ᠎ᠠ ᠶᠢᠨ  ᠠᠷᠠᠳ ᠣᠯᠠᠨ ᠤ ᠲᠣᠰ ᠪᠡᠶ᠎ᠡ ᠶᠢᠨ ᠠᠰᠢᠭ ᠲᠤᠰᠠ ᠳᠤ ᠬᠣᠯᠪᠣᠭᠳᠠᠬᠤ ᠵᠠᠬᠢᠳᠠᠯ ᠰᠤᠷᠪᠤᠯᠵᠢᠯᠠᠭ᠎ᠠ ᠶᠢᠨ ᠵᠥᠷᠢᠴᠡᠯ ᠢ ᠡᠬᠢ ᠡᠭᠦᠰᠦᠯ ᠡᠴᠡ ᠨᠢ ᠵᠠᠰᠠᠬᠤ ᠪᠠ ᠳᠠᠪᠬᠤᠷᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠮᠥᠨ ᠴᠢᠨᠠᠷ ᠤᠨ ᠰᠢᠶᠳᠪᠦᠷᠢᠯᠡᠯᠲᠡ ᠶᠢ ᠴᠢᠬᠤᠯᠠ ᠤᠯᠤᠰ ᠲᠥᠷᠥ ᠶᠢᠨ ᠡᠭᠦᠷᠭᠡ ᠪᠣᠯᠭᠠᠨ ᠤᠬᠠᠭᠠᠯᠠᠵᠤ ᠂ ᠵᠠᠬᠢᠳᠠᠯ ᠰᠤᠷᠪᠤᠯᠵᠢᠯᠠᠭ᠎ᠠ ᠶᠢᠨ ᠳᠠᠷᠤᠭᠳᠠᠮᠠᠯ ᠬᠡᠷᠡᠭ ᠢ ᠰᠢᠶᠳᠪᠦᠷᠢᠯᠡᠬᠦ ᠶᠢ ᠢᠳᠡᠪᠬᠢᠲᠡᠶ ᠳᠥᠯᠭᠢᠨ ᠠᠬᠢᠭᠤᠯᠬᠤ ᠠᠷᠭ᠎ᠠ ᠬᠢᠳᠡᠯ ᠢ ᠡᠯ᠎ᠡ ᠲᠠᠯ᠎ᠠ ᠶᠢᠨ ᠬᠢᠨ ᠨᠤᠲᠠᠯᠠᠵᠤ ᠂ ᠰᠢᠶᠳᠪᠦᠷᠢᠯᠡᠭᠰᠡᠨ 9 ᠵᠠᠭᠠᠯᠳᠤᠯᠭ᠎ᠠ ᠭᠣᠮᠣᠳᠠᠯ ᠲᠣᠭᠠᠴᠢᠯᠲᠠ ᠶᠢᠨ ᠬᠡᠷᠡᠭ ᠨᠢ ᠠᠷᠠᠳ ᠤᠨ ᠳᠡᠭᠡᠳᠦ ᠪᠠᠶᠢᠴᠠᠭᠠᠬᠤ ᠬᠣᠷᠢᠶᠠᠨ ᠤ ᠨᠡᠶᠢᠲᠡᠯᠢᠭ ᠬᠡᠷᠡᠭ ᠦᠨ ᠵᠢᠱᠢᠶ᠎ᠡ ᠪᠡᠷ ᠦᠨᠡᠯᠡᠭᠳᠡᠪᠡ ᠃ ᠪᠠᠶᠢᠴᠠᠭᠠᠬᠤ ᠠᠵᠢᠯ ᠳᠤ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠦᠨ ᠠᠵᠢᠯ ᠢ ᠰᠠᠶᠢᠲᠤᠷ ᠬᠢᠬᠦ ᠶᠠᠪᠤᠴᠠ ᠳᠤ ᠪᠢᠳᠡ ᠭᠤᠷᠪᠠᠨ ᠲᠠᠯ᠎ᠠ ᠶᠢᠨ ᠣᠶᠢᠯᠠᠭᠠᠯᠲᠠ ᠲᠠᠶ᠄ ᠨᠢᠭᠡ ᠳᠦ ᠡᠮᠦᠨ᠎ᠡ ᠲᠠᠪᠴᠠᠩ ᠠᠷᠤ ᠲᠠᠪᠴᠠᠩ ᠬᠠᠮᠵᠢᠯᠴᠠᠬᠤ ᠬᠡᠷᠡᠭᠲᠡᠶ᠃ ᠪᠠᠶᠢᠴᠠᠭᠠᠬᠤ ᠠᠵᠢᠯ ᠳᠤ ᠬᠣᠯᠪᠣᠭᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ ᠰᠢᠶᠳᠪᠦᠷᠢᠯᠡᠬᠦ ᠳᠦ ᠵᠥᠪᠬᠡᠨ ᠵᠠᠬᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠥᠴᠢᠷ ᠢ ᠲᠦᠰᠢᠭᠯᠡᠭᠡᠳ ᠪᠣᠯᠬᠤ ᠦᠭᠡᠢ᠃ᠡᠮᠦᠨ᠎ᠡ ᠲᠠᠪᠴᠠᠩ ᠤᠨ 12309 ᠰᠤᠷᠪᠤᠯᠵᠢᠯᠠᠭ᠎ᠠ ᠶᠢ ᠢᠳᠡᠪᠬᠢᠲᠡᠶ ᠪᠡᠷ ᠬᠦᠯᠢᠶᠡᠨ ᠠᠪᠬᠤ ᠨᠢ ᠴᠢᠬᠤᠯᠠ ᠶᠤᠮ᠂ ᠠᠷᠤ ᠲᠠᠪᠴᠠᠩ ᠤᠨ ᠡᠯ᠎ᠡ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠦᠨ ᠬᠢᠨ ᠬᠡᠷᠡᠭ ᠢ ᠰᠠᠶᠢᠲᠤᠷ ᠰᠢᠶᠳᠪᠦᠷᠢᠯᠡᠬᠦ ᠨᠢ ᠨᠡᠩ ᠴᠢᠬᠤᠯᠠ ᠶᠤᠮ᠃ ᠬᠡᠷᠡᠭ ᠰᠢᠶᠳᠪᠦᠷᠢᠯᠡᠬᠦ ᠪᠣᠯ ᠡᠬᠢ ᠡᠭᠦᠰᠪᠦᠷᠢ ᠂ ᠡᠮᠦᠨ᠎ᠡ ᠦᠵᠦᠭᠦᠷ ᠮᠥᠨ ᠂ ᠪᠠᠶᠢᠴᠠᠭᠠᠬᠤ ᠪᠠᠶᠢᠭᠤᠯᠭ᠎ᠠ ᠭᠠᠭᠴᠠ ᠬᠦ ᠬᠢᠷᠢ ᠲᠡᠩᠴᠡᠭᠰᠡᠨ ︽ᠦᠢᠯᠡᠳᠬᠦᠨ︾ ᠢ ᠢᠯᠡᠭᠦᠦ ᠦᠢᠯᠡᠳᠪᠦᠷᠢᠯᠡᠵᠦ ᠂ ᠬᠡᠷᠡᠭ ᠨᠢᠭᠡᠪᠦᠷᠢ ᠶᠢ ᠴᠢᠨᠠᠷ ᠰᠠᠶᠢᠲᠠᠶ ᠦᠷ᠎ᠡ ᠪᠦᠲᠦᠮᠵᠢᠲᠡᠶ ᠪᠡᠷ ᠰᠠᠶᠢᠲᠤᠷ ᠰᠢᠶᠳᠪᠦᠷᠢᠯᠡᠪᠡᠯ ᠰᠠᠶ᠋ᠢ ᠵᠠᠬᠢᠳᠠᠯ ᠰᠤᠷᠪᠤᠯᠵᠢᠯᠠᠭ᠎ᠠ ᠶᠢᠨ ᠲᠣᠭ᠎ᠠ  ᠶᠢ ᠪᠠᠭᠤᠷᠠᠭᠤᠯᠵᠤ ᠴᠢᠳᠠᠨ᠎ᠠ ᠃ ᠡᠯ᠎ᠡ ᠪᠠᠶᠢᠴᠠᠭᠠᠬᠤ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠦᠳ ᠬᠡᠷᠡᠭ ᠢ ᠡᠬᠢ ᠰᠤᠷᠪᠤᠯᠵᠢ ᠠᠴᠠ ᠨᠢ ᠰᠠᠶᠢᠲᠤᠷ ᠰᠢᠶᠳᠪᠦᠷᠢᠯᠡᠵᠦ᠂ ᠵᠠᠬᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠥᠴᠢᠷ ᠲᠡᠶ ᠢᠳᠡᠪᠬᠢᠲᠡᠶ ᠬᠠᠮᠵᠢᠯᠴᠠᠨ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠨᠢᠭᠡᠪᠦᠷᠢ ᠶᠢ ᠦᠨᠡᠨ ᠪᠣᠳᠠᠲᠠᠶ ᠪᠠᠷ ᠰᠢᠶᠳᠪᠦᠷᠢᠯᠡᠬᠦ ᠬᠡᠷᠡᠭᠲᠡᠶ᠃ ᠬᠣᠶᠠᠷ ᠲᠤ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨᠠᠬᠢ ᠶᠢ ᠵᠡᠷᠭᠡ ᠪᠡᠷ ᠶᠠᠪᠤᠭᠤᠯᠬᠤ ᠬᠡᠷᠡᠭᠲᠡᠶ᠃ᠣᠯᠠᠨ ᠲᠦᠮᠡᠨ ᠦ ᠵᠠᠬᠢᠳᠠᠯ ᠰᠤᠷᠪᠤᠯᠵᠢᠯᠠᠭ᠎ᠠ ᠬᠢᠬᠦ ᠳᠦ ᠬᠣᠶᠠᠷ ᠠᠷᠭ᠎ᠠ ᠵᠠᠮ ᠪᠠᠶᠢᠳᠠᠭ ᠂ ᠨᠢᠭᠡ ᠨᠢ ᠰᠦᠯᠵᠢᠶᠡᠨ ᠳᠡᠭᠡᠷ᠎ᠡ 12309 ᠂ ᠨᠥᠭᠥᠭᠡ ᠨᠢ ᠰᠦᠯᠵᠢᠶᠡᠨ ᠳᠣᠣᠷ᠎ᠠ 12309 ᠶᠡᠬᠡ ᠲᠢᠩᠬᠢᠮ ᠪᠣᠯᠤᠨ᠎ᠠ ᠂ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠢ ᠰᠢᠶᠳᠪᠦᠷᠢᠯᠡᠬᠦ ᠳᠦ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ ᠵᠡᠷᠭᠡ ᠪᠡᠷ ᠥᠷᠨᠢᠭᠦᠯᠬᠦ ᠬᠡᠷᠡᠭᠲᠡᠶ ᠃ ᠬᠡᠷᠪᠡ ᠰᠦᠯᠵᠢᠶᠡᠨ ᠳᠡᠭᠡᠷ᠎ᠡ ᠰᠤᠷᠪᠤᠯᠵᠢᠯᠠᠭ᠎ᠠ  ᠶᠢ ᠬᠦᠯᠢᠶᠡᠨ ᠠᠪᠬᠤ ᠣᠪᠣᠷ ᠨᠢ ᠰᠠᠶᠢᠨ ᠪᠣᠯᠪᠠᠴᠤ ᠪᠣᠳᠠᠲᠠᠶ ᠠᠵᠢᠯ ᠤᠨ ᠳᠤᠮᠳᠠ ᠠᠵᠢᠯᠯᠠᠭ᠎ᠠ ᠠᠪᠬᠤ ᠦᠭᠡᠶ ᠪᠣᠯ ᠠᠰᠠᠭᠤᠳᠠᠯ  ᠢ ᠰᠢᠶᠳᠪᠦᠷᠢᠯᠡᠵᠦ ᠴᠢᠳᠠᠬᠤ ᠦᠭᠡᠶ ᠶᠤᠮ ᠃ ᠪᠢᠳᠡ ᠰᠦᠯᠵᠢᠶᠡᠨ ᠳᠡᠭᠡᠷ᠎ᠡ ᠠᠮᠠᠯᠠᠭᠰᠠᠨ ᠵᠦᠢᠯ ᠢᠶᠡᠨ ᠰᠦᠯᠵᠢᠶᠡᠨ ᠡᠴᠡ ᠭᠠᠳᠠᠭᠤᠷ ᠵᠠᠪᠠᠯ ᠲᠦᠷᠭᠡᠨ ᠬᠢᠵᠦ ᠂ ᠰᠦᠯᠵᠢᠶᠡᠨ ᠳᠡᠭᠡᠷ᠎ᠡ ᠠᠮᠠᠯᠠᠭᠰᠠᠨ ᠵᠦᠢᠯ ᠢᠶᠡᠨ ᠰᠦᠯᠵᠢᠶᠡᠨ ᠡᠴᠡ ᠭᠠᠳᠠᠭᠤᠷ ᠵᠠᠪᠠᠯ ᠰᠠᠶᠢᠨ ᠬᠢᠬᠦ ᠬᠡᠷᠡᠭᠲᠡᠶ ᠭᠡᠵᠡᠢ ᠃ ᠥᠪᠥᠷ ᠮᠣᠩᠭᠣᠯ ᠭᠠᠵᠠᠷ ᠠᠭᠤᠳᠠᠮ ᠬᠥᠮᠦᠨ ᠴᠥᠭᠡᠨ ᠪᠣᠯᠬᠣᠷ ᠠᠯᠤᠰ ᠠᠴᠠ ᠰᠤᠷᠪᠤᠯᠵᠢᠯᠠᠭ᠎ᠠ ᠬᠦᠯᠢᠶᠡᠬᠦ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ᠂ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠦᠨᠡᠨ ᠪᠣᠳᠠᠲᠠᠢ ᠬᠦᠴᠢᠷᠳᠡᠯ ᠢ ᠰᠢᠢᠳᠪᠦᠷᠢᠯᠡᠵᠦ ᠥᠭᠬᠦ ᠬᠡᠷᠡᠭᠲᠡᠢ᠃ ᠭᠤᠷᠪᠠ ᠳᠤ ᠬᠡᠷᠡᠭ  ᠢ ᠳᠤᠲᠤᠷ᠎ᠠ ᠭᠠᠳᠠᠷ ᠠᠴᠠ ᠨᠢ  ᠰᠠᠶᠢᠬᠠᠨ ᠰᠢᠳᠪᠦᠷᠢᠯᠡᠨ᠎ᠠ᠃ ᠬᠡᠷᠡᠭ ᠢ ᠰᠢᠶᠳᠪᠦᠷᠢᠯᠡᠬᠦ ᠶᠠᠪᠤᠴᠠ ᠳᠤ ᠬᠡᠷᠡᠭ ᠢ ᠳᠠᠭᠤᠰᠬᠠᠵᠤ ᠤᠴᠢᠷ ᠶᠠᠪᠤᠳᠠᠯ ᠢ ᠳᠠᠭᠤᠰᠬᠠᠭᠠᠳᠤᠶ ᠪᠠᠶᠢᠳᠠᠯ ᠦᠷᠭᠦᠯᠵᠢ ᠭᠠᠷᠳᠠᠭ᠂ ᠬᠠᠤᠯᠢ ᠵᠦᠢ ᠶᠢᠨ ᠲᠠᠯ᠎ᠠ ᠠᠴᠠ ᠬᠡᠯᠡᠪᠡᠯ ᠪᠠᠶᠢᠴᠠᠭᠠᠬᠤ ᠪᠠᠶᠢᠭᠤᠯᠭ᠎ᠠ  ᠬᠡᠷᠡᠭ ᠢ ᠨᠢᠭᠡᠨᠲᠡ ᠰᠢᠶᠳᠪᠦᠷᠢᠯᠡᠵᠦ ᠳᠠᠭᠤᠰᠬᠠᠭᠰᠠᠨ ᠪᠣᠯᠪᠠᠴᠤ ᠲᠤᠬᠠᠶ ᠶᠢᠨ ᠬᠥᠮᠦᠨ ᠳᠦ ᠲᠤᠯᠭᠠᠷᠠᠵᠤ ᠪᠠᠶᠢᠭ᠎ᠠ ᠪᠣᠳᠠᠲᠠᠶ ᠠᠰᠠᠭᠤᠳᠠᠯ ᠢ ᠮᠥᠨ ᠯᠡ ᠰᠢᠶᠳᠪᠦᠷᠢᠯᠡᠵᠦ ᠴᠢᠳᠠᠭᠠᠳᠤᠶ ᠪᠠᠶᠢᠨ᠎ᠠ᠃ ᠪᠠᠶᠢᠴᠠᠭᠠᠬᠤ ᠪᠠᠶᠢᠭᠤᠯᠭ᠎ᠠ ᠨᠤᠭᠤᠳ ᠬᠡᠷᠡᠭ ᠦᠨ ᠭᠠᠳᠠᠨ᠎ᠠ ᠠᠴᠠ ᠭᠠᠷᠳᠠᠨ ᠬᠠᠤᠯᠢ ᠴᠠᠭᠠᠵᠠ ᠶᠢᠨ ᠲᠤᠰᠠᠯᠠᠮᠵᠢ ᠦᠵᠡᠭᠦᠯᠵᠦ᠂ ᠲᠤᠬᠠᠶ ᠶᠢᠨ ᠬᠥᠮᠦᠨ ᠢ ᠬᠠᠪᠰᠤᠷᠤᠨ ᠬᠦᠴᠢᠷ ᠢ ᠲᠤᠭᠤᠯᠬᠤ ᠬᠡᠷᠡᠭᠲᠡᠶ᠃ ᠣᠳᠣᠬᠠᠨ ᠳᠤ 《ᠬᠡᠷᠡᠭ ᠤᠯᠠᠨ ᠵᠣᠭᠣᠰ ᠴᠥᠭᠡᠨ》 ᠬᠦᠴᠢᠷ ᠠᠰᠠᠭᠤᠳᠠᠯ ᠣᠷᠣᠰᠢᠵᠤ ᠪᠠᠶᠢᠨ᠎ᠠ᠂ ᠪᠠᠶᠢᠴᠠᠭᠠᠬᠤ ᠪᠠᠶᠢᠭᠤᠯᠭ᠎ᠠ ᠨᠤᠭᠤᠳ ᠵᠠᠬ᠎ᠠ ᠳᠡᠯᠭᠡᠭᠦᠷᠴᠢᠯᠡᠬᠦ ᠨᠥᠬᠥᠴᠡᠯ ᠢ ᠭᠦᠢᠴᠡᠳ ᠠᠰᠢᠭᠯᠠᠨ᠂ 《ᠪᠠᠶᠢᠴᠠᠭᠠᠬᠤ + ᠠᠵᠤ ᠠᠬᠤᠶᠢᠯᠠᠯ + N》 ᠬᠠᠮᠲᠤᠷᠠᠨ ᠠᠪᠤᠷᠠᠨ ᠲᠤᠰᠠᠯᠠᠬᠤ ᠵᠠᠭᠪᠤᠷ ᠢ ᠢᠳᠡᠪᠬᠢᠲᠡᠶ ᠪᠡᠷ ᠬᠠᠶᠢᠨ ᠰᠦᠪᠡᠭᠴᠢᠯᠡᠵᠦ᠂ ᠬᠠᠤᠯᠢ ᠪᠠᠷᠢᠯᠲᠠ ᠶᠢᠨ ᠠᠪᠤᠷᠠᠨ ᠲᠤᠰᠠᠯᠠᠬᠤ ᠪᠡᠯᠡ ᠮᠥᠩᠭᠥ ᠳᠤᠲᠠᠭᠳᠠᠵᠤ ᠪᠠᠶᠢᠭ᠎ᠠ ᠬᠦᠴᠢᠷ ᠠᠰᠠᠭᠤᠳᠠᠯ ᠢ ᠰᠢᠶᠳᠪᠦᠷᠢᠯᠡᠬᠦ ᠬᠡᠷᠡᠭᠲᠡᠶ᠃ ᠣᠳᠣᠬᠠᠨ ᠳᠤ ᠪᠥᠬᠥ ᠣᠷᠣᠨ ᠤ 7 ᠠᠶᠢᠮᠠᠭ ᠬᠣᠲᠠ ᠂ 17 ᠦᠨᠳᠦᠰᠦᠨ ᠱᠠᠲᠤᠨ ᠤ  ᠬᠣᠷᠢᠶᠠᠨ ᠳᠦ ᠬᠠᠸᠯᠢ ᠪᠠᠷᠢᠯᠲᠠ ᠶᠢᠨ ᠠᠪᠤᠷᠠᠨ ᠲᠤᠰᠠᠯᠠᠯᠲᠠ ᠶᠢᠨ ᠲᠤᠰᠬᠠᠶ ᠰᠠᠭᠤᠷᠢ ᠮᠥᠩᠭᠥ ᠪᠠᠶᠢᠭᠤᠯᠵᠤ ᠂ 59 ᠬᠠᠶᠢᠷ᠎ᠠ ᠬᠠᠯᠠᠮᠵᠢ ᠶᠢᠨ ᠠᠵᠤ ᠠᠬᠤᠶᠢᠯᠠᠯ  330 ᠭᠠᠷᠤᠶ ᠲᠦᠮᠡᠨ ᠲᠥᠭᠥᠷᠢᠭ ᠦᠨ ᠬᠠᠨᠳᠢᠪ ᠤᠨ ᠮᠥᠩᠭᠥ ᠬᠠᠨᠳᠢᠪᠯᠠᠵᠤ ᠂ ᠬᠠᠸᠯᠢ  ᠪᠠᠷᠢᠯᠲᠠ ᠶᠢᠨ ᠠᠪᠤᠷᠠᠨ ᠲᠤᠰᠠᠯᠠᠯᠲᠠ ᠶᠢᠨ ᠪᠠᠯᠠ ᠮᠥᠩᠭᠥ ᠶᠢᠨ ᠢᠷᠡᠯᠲᠡ ᠶᠢ ᠪᠦᠲᠦᠮᠵᠢᠲᠡᠶ ᠪᠡᠷ ᠥᠷᠭᠡᠳᠬᠡᠨ ᠂ ᠬᠠᠸᠯᠢ  ᠪᠠᠷᠢᠯᠲᠠ ᠶᠢᠨ ᠠᠪᠤᠷᠠᠨ ᠲᠤᠰᠠᠯᠠᠯᠲᠠ ᠶᠢᠨ ᠠᠵᠢᠯ ᠤᠨ ᠬᠢᠷᠢ ᠲᠦᠪᠰᠢᠨ ᠢ ᠳᠡᠭᠡᠭᠰᠢᠯᠡᠭᠦᠯᠪᠡ ᠃

ᠯᠢ ᠶᠦᠩ ᠵᠢᠶᠦ᠋ᠨ ᠢᠯᠡᠷᠬᠡᠶᠢᠯᠡᠬᠦ ᠳᠡᠭᠡᠨ ᠂ ᠠᠬᠢᠭᠤᠯᠬᠤ ᠬᠤᠷᠠᠯ ᠢ ᠥᠪᠥᠷ ᠮᠣᠩᠭᠣᠯ ᠳᠤ ᠬᠤᠷᠠᠯᠳᠤᠭᠤᠯᠤᠭᠰᠠᠨ ᠨᠢ ᠥᠪᠥᠷ ᠮᠣᠩᠭᠣᠯ ᠤᠨ ᠪᠠᠶᠢᠴᠠᠭᠠᠬᠤ ᠠᠵᠢᠯ ᠢ ᠭᠦᠶᠴᠡᠳ ᠨᠤᠲᠠᠯᠠᠵᠤ ᠪᠠᠶᠢᠭ᠎ᠠ ᠶᠠᠪᠤᠳᠠᠯ ᠮᠥᠨ ᠂ ᠨᠠᠩ ᠴᠤ ᠥᠪᠥᠷ ᠮᠣᠩᠭᠣᠯ ᠤᠨ ᠪᠠᠶᠢᠴᠠᠭᠠᠬᠤ ᠠᠵᠢᠯᠲᠠᠨ ᠢ ᠵᠣᠷᠢᠭᠵᠢᠭᠤᠯᠵᠤ ᠱᠠᠭᠠᠷᠳᠠᠵᠤ ᠪᠠᠶᠢᠭ᠎ᠠ ᠶᠠᠪᠤᠳᠠᠯ ᠮᠥᠨ ᠃ ᠥᠪᠥᠷ ᠮᠣᠩᠭᠣᠯ ᠤᠨ ᠪᠠᠶᠢᠴᠠᠭᠠᠬᠤ ᠪᠠᠶᠢᠭᠤᠯᠭ᠎ᠠ ᠨᠤᠭᠤᠳ ᠬᠤᠷᠠᠯ ᠤᠨ ᠪᠠᠶᠢᠷᠢᠯᠠᠭᠤᠯᠤᠯᠲᠠ ᠶᠣᠰᠣᠭᠠᠷ ᠂ ᠵᠣᠷᠢᠭ ᠰᠠᠨᠠᠭ᠎ᠠ ᠪᠠᠨ ᠦᠷᠭᠦᠯᠵᠢᠯᠡᠨ ᠳᠡᠭᠡᠭᠰᠢᠯᠡᠭᠦᠯᠵᠦ ᠂ ᠠᠵᠢᠯ ᠤᠨ ᠪᠦᠲᠦᠮᠵᠢ ᠪᠡᠨ ᠳᠡᠭᠡᠭᠰᠢᠯᠡᠭᠦᠯᠦᠨ ᠂ ᠴᠢᠳᠠᠪᠤᠷᠢ ᠪᠠᠨ ᠳᠡᠭᠡᠭᠰᠢᠯᠡᠭᠦᠯᠵᠦ ᠂ ᠵᠠᠬᠢᠳᠠᠯ ᠰᠤᠷᠪᠤᠯᠵᠢᠯᠠᠭ᠎ᠠ ᠶᠢᠨ ᠵᠥᠷᠢᠴᠡᠯ ᠢ ᠰᠢᠶᠳᠪᠦᠷᠢᠯᠡᠬᠦ ᠴᠢᠳᠠᠪᠤᠷᠢ ᠪᠠᠨ ᠲᠠᠰᠤᠷᠠᠯᠲᠠ ᠥᠬᠡᠶ ᠳᠡᠭᠡᠭᠰᠢᠯᠡᠭᠦᠯᠵᠦ ᠂ ᠥᠪᠥᠷ ᠮᠣᠩᠭᠣᠯ ᠤᠨ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠬᠦ ᠪᠣᠯᠤᠨ᠎ᠠ ᠃

ᠪᠠᠢ ᠬᠠᠢ ᠯᠢᠨ ᠪᠠᠶᠠᠷ ᠤᠨ ᠦᠭᠡ ᠳᠡᠭᠡᠨ᠂ ᠪᠦᠬᠦ ᠤᠯᠤᠰ ᠤᠨ ᠪᠠᠶᠢᠴᠠᠭᠠᠬᠤ ᠪᠠᠶᠢᠭᠤᠯᠭ᠎ᠠ ᠶᠢᠨ ᠳᠠᠪᠬᠤᠷᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠭᠣᠣᠯᠳᠠᠯᠭ᠎ᠠ ᠲᠠᠶ ᠭᠠᠵᠠᠷ ᠣᠷᠣᠨ ᠤ ᠵᠠᠭᠠᠯᠳᠤᠯᠭ᠎ᠠ ᠶᠢᠨ ᠢᠷᠡᠯᠳᠡ ᠶᠢ ᠵᠠᠰᠠᠬᠤ ᠪᠠ ᠵᠠᠬᠢᠳᠠᠯ ᠰᠤᠷᠪᠤᠯᠵᠢᠯᠠᠭ᠎ᠠ ᠶᠢᠨ ᠳᠠᠷᠤᠭᠳᠠᠮᠠᠯ ᠬᠡᠷᠡᠭ ᠢ ᠪᠣᠳᠠᠲᠠᠢ ᠪᠠᠷ ᠰᠢᠢᠳᠪᠦᠷᠢᠯᠡᠬᠦ ᠶᠢ ᠠᠬᠢᠭᠤᠯᠬᠤ ᠬᠤᠷᠠᠯ ᠬᠥᠯᠥᠨ ᠪᠤᠢᠢᠷ ᠬᠤᠳᠠ ᠳᠤ ᠬᠤᠷᠠᠯᠳᠤᠪᠠ᠂ ᠡᠨᠡ ᠨᠢ ᠬᠥᠯᠥᠨ  ᠪᠣᠶᠢᠷ ᠬᠤᠳᠠ ᠶᠢᠨ ᠪᠠᠶᠢᠴᠠᠭᠠᠬᠤ ᠠᠵᠢᠯ ᠢ ᠳᠡᠭᠡᠳᠦ ᠬᠡᠮᠵᠢᠢ᠎ᠡ ᠪᠡᠷ ᠴᠢᠬᠤᠯᠠᠴᠢᠯᠠᠵᠤ ᠪᠠᠶᠢᠬᠤ ᠶᠢ ᠭᠦᠢᠴᠡᠳ ᠬᠠᠷᠠᠭᠤᠯᠵᠤ᠂ ᠨᠡᠩ ᠴᠤ ᠬᠥᠯᠥᠨ ᠪᠤᠢᠢᠷ ᠬᠤᠳᠠ ᠶᠢᠨ ᠣᠯᠳᠠᠰᠢ ᠦᠭᠡᠢ ᠰᠤᠷᠤᠯᠴᠠᠬᠤ ᠲᠣᠬᠢᠶᠠᠯ ᠪᠣᠯᠤᠨ᠎ᠠ᠃ᠬᠥᠯᠥᠨ  ᠪᠣᠶᠢᠷ ᠬᠤᠳᠠ ᠶᠢᠨ ᠬᠢᠨ ᠲᠤᠰ ᠤᠳᠠᠭ᠎ᠠ ᠶᠢᠨ ᠬᠤᠷᠠᠯ ᠢᠶᠠᠷ ᠠᠵᠠ ᠲᠣᠬᠢᠶᠠᠯ ᠪᠣᠯᠭᠠᠵᠤ᠂ ᠰᠢᠨ᠎ᠡ ᠴᠠᠭ ᠦᠶ᠎ᠡ ᠶᠢᠨ︽ ᠹᠸᠩᠴᠢᠶᠣᠣ ᠵᠢᠨ ᠲᠤᠷᠰᠢᠯᠭ᠎ᠠ︾᠂︽ᠫᠦᠵᠢᠶᠠᠩ ᠤᠨ ᠲᠤᠷᠰᠢᠯᠭ᠎ᠠ︾ᠵᠢ ᠠᠰᠢᠭᠯᠠᠨ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠰᠠᠶᠢᠲᠤᠷ ᠬᠢᠬᠦ ᠴᠢᠳᠠᠪᠤᠷᠢ ᠪᠠᠨ ᠴᠢᠨᠠᠭᠰᠢᠳᠠ ᠴᠢᠩᠭᠠᠳᠬᠠᠵᠤ᠂ ᠡᠬᠢ ᠡᠭᠦᠰᠦᠯ ᠡᠴᠡ ᠨᠢ ᠤᠷᠢᠳᠴᠢᠯᠠᠨ ᠰᠡᠷᠭᠡᠶᠢᠯᠡᠬᠦ ᠶᠢ ᠴᠢᠬᠤᠯᠠᠴᠢᠯᠠᠵᠤ᠂ ᠦᠨᠳᠦᠰᠦᠨ ᠱᠠᠲᠤᠨ ᠤ ᠰᠠᠭᠤᠷᠢ ᠶᠢ ᠪᠡᠬᠢᠵᠢᠭᠦᠯᠵᠦ᠂  ᠬᠠᠥᠯᠢ ᠪᠠᠷ ᠵᠠᠰᠠᠬᠤ  ᠪᠠᠶᠢᠭᠤᠯᠤᠯᠲᠠ ᠶᠢ ᠴᠢᠩᠭᠠᠳᠬᠠᠵᠤ᠂ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠪᠡᠬᠢᠵᠢᠭᠦᠯᠬᠦ ᠳᠦ ᠬᠦᠴᠦᠨ ᠴᠢᠳᠠᠯ ᠢᠶᠠᠨ ᠡᠷᠭᠦᠨ᠎ᠡ᠃

 


      ᠲᠤᠬᠠᠶ ᠶᠢᠨ ᠡᠳᠦᠷ ᠦᠨ ᠦᠳᠡ ᠶᠢᠨ ᠡᠮᠦᠨᠡᠬᠢ ᠬᠤᠷᠠᠯ ᠳᠡᠭᠡᠷ᠎ᠡ ᠂ ᠾᠧᠨᠠᠨ ᠂ ᠱᠠᠨᠳᠦ᠋ᠩ ᠂ ᠯᠢᠶᠣᠤᠨᠢᠩ ᠂ ᠵᠢᠶᠠᠩᠰᠦ ᠂ ᠾᠸᠪᠸᠢ ᠂ ᠭᠤᠸᠠᠩᠳᠦ᠋ᠩ ᠵᠡᠷᠭᠡ ᠵᠢᠷᠭᠤᠭᠠᠨ ᠮᠤᠵᠢ ᠬᠣᠶᠠᠷ ᠵᠦᠶᠯ ᠦᠨ ᠠᠵᠢᠯ ᠤᠨ ᠠᠬᠢᠴᠠ ᠶᠢᠨ ᠪᠠᠶᠢᠳᠠᠯ ᠢᠶᠠᠨ ᠬᠠᠷᠢᠭᠤ ᠮᠡᠳᠡᠭᠦᠯᠪᠡ ᠃

 

 

ᠢᠷᠡᠯᠲᠡ
ᠨᠠᠪᠴᠢ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro