ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

​ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶ᠎ᠠ ᠨᠠᠮ ᠤᠨ ᠬᠤᠷᠢᠶᠠᠨ ‍ᠣ ᠵᠤᠬᠢᠶᠠᠨ ᠪᠠᠶᠢᠭᠤᠯᠬᠤ ᠬᠡᠯᠳᠡᠰ ᠪᠠ ᠤᠯᠤᠰ ᠲᠦᠷᠦ ᠬᠠᠥᠯᠢ ᠴᠠᠭᠠᠵᠠ ᠶᠢᠨ ᠬᠤᠷᠢᠶ᠎ᠠ ᠲᠠᠢ ᠬᠠᠮᠳᠤᠷᠠᠨ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠢ ᠲᠤᠭᠳᠠᠭᠠᠬᠤ ᠪᠠ ᠲᠡᠪᠰᠢᠭᠦᠯᠬᠦ ᠠᠵᠢᠯ ᠤᠨ ᠲᠤᠬᠠᠢ ᠲᠤᠰᠬᠠᠢ ᠰᠡᠳᠦᠪᠳᠦ ᠪᠠᠶᠢᠷᠢᠯᠠᠭᠤᠯᠤᠯᠳᠠ ᠬᠢᠵᠠᠢ

2017-05-18 17:10:55
ᠵᠣᠬᠢᠶᠠᠭᠴᠢ
ᠪᠤᠤ ᠡᠾᠦ᠋ᠢ ᠮᠧᠢ

W020170509353819355607.jpg


W020170509353820065454.jpg

    ᠪᠠᠶᠢᠴᠠᠭᠠᠬᠤ ᠲᠤᠰᠢᠶᠠᠯᠳᠠᠨ ‍ᠣ ᠪᠡᠶ᠎ᠡ ᠪᠡᠨ ᠲᠠᠭᠠᠭᠠᠭᠰᠠᠨ ᠲᠤᠰᠢᠶᠠᠯ ᠤᠨ ᠲᠡᠰ ᠦᠨ ᠴᠤᠪᠤᠷᠠᠯ ᠢ ᠪᠠᠶᠢᠭᠤᠯᠬᠤ ᠲᠤᠬᠠᠢ ᠲᠦᠪ᠂ ᠠᠷᠠᠳ ᠤᠨ ᠲᠡᠭᠡᠳᠦ ᠪᠠᠶᠢᠴᠠᠭᠠᠬᠤ ᠬᠤᠷᠢᠶ᠎ᠠ ᠪᠠ ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶ᠎ᠠ ᠶᠢᠨ ᠰᠢᠢᠳᠪᠦᠷᠢ ᠪᠠᠶᠢᠷᠢᠯᠠᠭᠤᠯᠤᠯᠳᠠ ᠶᠢ ᠨᠠᠶᠢᠳᠠᠪᠦᠷᠢᠵᠢᠭᠤᠯᠵᠤ᠂ ᠪᠠᠶᠢᠴᠠᠭᠠᠬᠤ ᠠᠵᠢᠯᠳᠠᠨ ᠢ ᠲᠦᠷᠦᠯ ᠬᠤᠪᠢᠶᠠᠨ ᠬᠠᠮᠢᠶᠠᠷᠬᠤ ᠦᠭᠡᠷᠡᠴᠢᠯᠡᠯᠳᠡ ᠶᠢ ᠭᠦᠨᠵᠡᠭᠡᠢ ᠠᠬᠢᠭᠤᠯᠬᠤ ᠶᠢᠨ ᠲᠦᠯᠦᠭᠡ ᠂ 5 ᠰᠠᠷ᠎ᠠ ᠶᠢᠨ 5 ‍ᠣ ᠡᠳᠦᠷ ᠦᠨ ᠦᠳᠡ ᠶᠢᠨ ᠬᠤᠶᠢᠨ᠎ᠠ᠂ ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶᠠᠨ ‍ᠣ ᠵᠤᠬᠢᠶᠠᠨ ᠪᠠᠶᠢᠭᠤᠯᠬᠤ ᠬᠡᠯᠳᠡᠰ᠂ ᠤᠯᠤᠰ ᠲᠦᠷᠦ ᠬᠠᠥᠯᠢ ᠴᠠᠭᠠᠵᠠ ᠶᠢᠨ ᠬᠤᠷᠢᠶ᠎ᠠ ᠪᠠ ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶ᠎ᠠ ᠬᠠᠷᠠᠭᠠᠨ ᠲᠠᠪᠳᠠᠮᠵᠢᠳᠤ ᠬᠤᠷᠠᠯ ᠤᠨ ᠬᠡᠯᠪᠡᠷᠢ ᠪᠡᠷ ᠭᠤᠷᠪᠠᠨ ᠱᠠᠳᠤᠨ ‍ᠣ ᠪᠠᠶᠢᠴᠠᠭᠠᠬᠤ ᠬᠤᠷᠢᠶᠠᠨ ᠳᠤ ᠪᠦᠬᠦ ᠤᠷᠤᠨ ‍ᠣ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠢ ᠲᠤᠭᠳᠠᠭᠠᠬᠤ ᠪᠠ ᠲᠡᠪᠰᠢᠭᠦᠯᠬᠦ ᠠᠵᠢᠯ ᠤᠨ ᠲᠤᠰᠬᠠᠢ ᠰᠡᠳᠦᠪᠳᠤ ᠪᠠᠶᠢᠷᠢᠯᠠᠭᠤᠯᠤᠯᠳᠠ ᠶᠢᠨ ᠬᠤᠷᠠᠯ ᠢ ᠬᠠᠮᠳᠤᠷᠠᠨ ᠬᠤᠷᠠᠯᠳᠤᠭᠤᠯᠵᠠᠢ᠃

    ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶᠠᠨ ‍ᠣ ᠵᠤᠬᠢᠶᠠᠨ ᠪᠠᠶᠢᠭᠤᠯᠬᠤ ᠬᠡᠯᠳᠡᠰ ᠦᠨ ᠲᠡᠳ᠋ ᠲᠠᠷᠤᠭ᠎ᠠ ᠶᠠᠨ ᠲᠥᠩ ᠢ᠂ ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶᠠᠨ ‍ᠣ ᠤᠯᠤᠰ ᠲᠦᠷᠦ ᠬᠠᠥᠯᠢ ᠴᠠᠭᠠᠵᠠ ᠶᠢᠨ ᠬᠤᠷᠢᠶ᠎ᠠ ᠶᠢᠨ ᠶᠡᠷᠦᠩᠬᠡᠶᠢᠯᠡᠨ ᠵᠠᠰᠠᠬᠤ ᠠᠯᠪᠠᠨ ᠭᠡᠷ ᠦᠨ ᠲᠡᠳ᠋ ᠡᠷᠬᠢᠯᠡᠭᠴᠢ ᠯᠢ ᠶᠢᠩ ᠯᠢᠩ᠂ ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ‍ᠣ ᠪᠠᠶᠢᠩᠭᠤ ᠶᠢᠨ ᠲᠡᠳ᠋ ᠪᠠᠶᠢᠴᠠᠭᠠᠬᠤ ᠲᠠᠷᠤᠭ᠎ᠠ ᠯᠢ ᠮᠤᠤ ᠯᠢᠨ᠂ ᠤᠯᠤᠰ ᠲᠦᠷᠦ ᠶᠢᠨ ᠬᠡᠯᠳᠡᠰ ᠦᠨ ᠡᠷᠬᠢᠯᠡᠭᠴᠢ ᠸᠠᠩ ᡁᠢ ᠴᠢᠶᠠᠩ ᠵᠢᠴᠢ ᠦᠭᠡᠷᠡᠴᠢᠯᠡᠯᠳᠡ ᠳᠦ ᠤᠷᠤᠯᠴᠠᠭᠰᠠᠨ ᠪᠦᠬᠦ ᠠᠵᠢᠯᠳᠠᠨ ᠭᠤᠤᠯ ᠬᠤᠷᠠᠯ ᠤᠨ ᠲᠠᠯᠠᠪᠠᠢ ᠳᠤ ᠬᠤᠷᠠᠯ ᠳᠤ ᠤᠷᠤᠯᠴᠠᠵᠠᠢ᠃ ᠡᠯ᠎ᠡ ᠠᠶᠢᠮᠠᠭ ᠬᠤᠳᠠ᠂ ᠬᠤᠰᠢᠭᠤ ᠰᠢᠶᠠᠨ ︵ᠬᠤᠳᠠ ᠲᠤᠭᠤᠷᠢᠭ︶ ‍ᠣ ᠨᠠᠮ ᠤᠨ ᠬᠤᠷᠢᠶᠠᠨ ‍ᠣ ᠵᠤᠬᠢᠶᠠᠨ ᠪᠠᠶᠢᠭᠤᠯᠬᠤ ᠬᠡᠯᠳᠡᠰ ᠦᠨ ᠬᠤᠪᠢᠳᠠᠨ ᠬᠠᠮᠢᠶᠠᠷᠬᠤ ᠲᠡᠳ᠋ ᠲᠠᠷᠤᠭ᠎ᠠ᠂ ᠪᠠᠶᠢᠴᠠᠭᠠᠬᠤ ᠬᠤᠷᠢᠶᠠᠨ ‍ᠣ ᠪᠠᠶᠢᠴᠠᠭᠠᠬᠤ ᠲᠠᠷᠤᠭ᠎ᠠ᠂ ᠦᠭᠡᠷᠡᠴᠢᠯᠡᠯᠳᠡ ᠶᠢᠨ ᠠᠵᠢᠯ ᠢ ᠬᠠᠮᠢᠶᠠᠷᠴᠤ ᠪᠠᠶᠢᠭ᠎ᠠ ᠬᠤᠷᠢᠶᠠᠨ ‍ᠣ ᠤᠳᠤᠷᠢᠳᠤᠯᠭ᠎ᠠ᠂ ᠤᠯᠤᠰ ᠲᠦᠷᠦ ᠶᠢᠨ ᠠᠵᠢᠯ ᠤᠨ ᠰᠠᠯᠠᠭ᠎ᠠ ᠮᠦᠴᠢᠷ ᠦᠨ ᠬᠠᠷᠢᠭᠤᠴᠠᠯᠭᠠᠳᠠᠨ ᠵᠢᠴᠢ ᠬᠠᠮᠢᠶ᠎ᠠ ᠪᠦᠬᠦᠢ ᠠᠵᠢᠯᠳᠠᠨ ᠡᠯ᠎ᠡ ᠠᠶᠢᠮᠠᠭ ᠬᠤᠳᠠ᠂ ᠬᠤᠰᠢᠭᠤ ᠰᠢᠶᠠᠨ ︵ ᠬᠤᠳᠠ ᠲᠤᠭᠤᠷᠢᠭ︶ ‍ᠣ ᠪᠠᠶᠢᠴᠠᠭᠠᠬᠤ ᠬᠤᠷᠢᠶᠠᠨ ‍ᠣ ᠬᠤᠪᠢᠶᠠᠷᠢ ᠬᠤᠷᠠᠯ ᠤᠨ ᠲᠠᠯᠠᠪᠠᠢ ᠳᠤ ᠬᠤᠷᠠᠯ ᠳᠤ ᠤᠷᠤᠯᠴᠠᠪᠠ᠃

    ᠬᠤᠷᠠᠯ ᠡᠴᠡ ᠡᠩ ᠲᠡᠷᠢᠭᠦᠨ ᠳᠦ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠢ ᠲᠤᠭᠳᠠᠭᠠᠬᠤ ᠪᠠ ᠲᠡᠰ ᠲᠡᠪᠰᠢᠭᠦᠯᠬᠦ ᠠᠵᠢᠯ ᠦᠷᠨᠢᠭᠦᠯᠬᠦ ᠶᠢᠨ ᠴᠢᠬᠤᠯᠠ ᠴᠢᠨᠠᠷ ᠢ ᠲᠤᠳᠤᠳᠬᠠᠵᠤ᠂ ᠦᠵᠡᠯ ᠰᠠᠨᠠᠭ᠎ᠠ ᠪᠠᠨ ᠨᠢᠭᠡᠳᠬᠡᠵᠦ᠂ ᠬᠠᠮᠳᠤ ᠶᠢᠨ ᠲᠠᠨᠢᠯᠳᠠ ᠳᠤ ᠲᠦᠪᠯᠡᠷᠡᠵᠦ᠂ ᠬᠠᠷᠢᠭᠤᠴᠠᠯᠭᠠᠳᠤ ᠰᠡᠳᠭᠢᠯᠭᠡ ᠪᠠ ᠲᠤᠯᠭᠠᠮ᠎ᠠ ᠰᠡᠳᠭᠢᠯᠭᠡ ᠶᠢ ᠦᠨᠡᠨᠬᠦ ᠴᠢᠩᠭᠠᠳᠬᠠᠬᠤ ᠶᠢ ᠴᠢᠬᠤᠯᠠᠴᠢᠯᠠᠵᠠᠢ᠃ ᠬᠤᠷᠠᠯ ᠡᠴᠡ ᠲᠤᠷᠠᠳᠤᠭᠰᠠᠨ ᠨᠢ᠂ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠢ ᠲᠤᠭᠳᠠᠭᠠᠬᠤ ᠪᠠ ᠲᠡᠰ ᠲᠡᠪᠰᠢᠭᠦᠯᠬᠦ ᠠᠵᠢᠯ ᠢ ᠦᠷᠨᠢᠭᠦᠯᠬᠦ ᠪᠤᠯ ᠲᠦᠪ ᠪᠠ ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶᠠᠨ ‍ᠣ ᠰᠢᠢᠳᠪᠦᠷᠢ ᠪᠠᠶᠢᠷᠢᠯᠠᠭᠤᠯᠤᠯᠳᠠ ᠶᠢ ᠲᠤᠤᠱᠯᠠᠭᠤᠯᠬᠤ ᠶᠢᠨ ᠵᠠᠶᠢᠯᠠᠰᠢ ᠦᠭᠡᠢ ᠱᠠᠭᠠᠷᠳᠠᠯᠭ᠎ᠠ᠂ ᠲᠦᠪ ᠦᠨ ᠵᠤᠷᠢᠭ ᠰᠠᠨᠠᠭ᠎ᠠ ᠶᠢ  ᠨᠠᠶᠢᠳᠠᠪᠦᠷᠢᠵᠢᠭᠤᠯᠬᠤ᠂ ᠠᠷᠠᠳ ᠤᠨ ᠲᠡᠭᠡᠳᠦ ᠪᠠᠶᠢᠴᠠᠭᠠᠬᠤ ᠬᠤᠷᠢᠶ᠎ᠠ ᠪᠠ ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶ᠎ᠠ ᠶᠢᠨ ᠦᠭᠡᠷᠡᠴᠢᠯᠡᠯᠳᠡ ᠪᠠᠶᠢᠷᠢᠯᠠᠭᠤᠯᠤᠯᠳᠠ ᠶᠢ ᠠᠬᠢᠭᠤᠯᠬᠤ ᠳᠤ ᠰᠠᠶᠢᠳᠤᠷ ᠬᠢᠬᠦ ᠬᠡᠷᠡᠭᠳᠡᠢ ᠴᠢᠬᠤᠯᠠ ᠠᠵᠢᠯᠯᠠᠭ᠎ᠠ᠂ ᠮᠦᠨᠴᠦ ᠡᠮᠦᠨ᠎ᠡ ᠬᠡᠰᠡᠭ ᠬᠤᠭᠤᠴᠠᠭᠠᠨ ‍ᠣ ᠪᠦᠬᠦ ᠤᠷᠤᠨ ‍ᠣ ᠬᠠᠥᠯᠢ ᠪᠠᠷᠢᠬᠤ ᠪᠠᠶᠢᠭᠤᠯᠤᠯ ᠤᠨ ᠦᠭᠡᠷᠡᠴᠢᠯᠡᠯᠳᠡ ᠶᠢᠨ ᠠᠵᠢᠯ ᠤᠨ ᠭᠦᠨᠵᠡᠭᠡᠶᠢᠷᠡᠯ ᠪᠠ ᠪᠠᠳᠤᠭᠬᠠᠯ ᠪᠤᠯᠤᠨ᠎ᠠ᠃ ᠬᠤᠷᠠᠯ ᠡᠴᠡ ᠱᠠᠭᠠᠷᠳᠠᠭᠰᠠᠨ ᠨᠢ᠂ ᠡᠯ᠎ᠡ ᠭᠠᠵᠠᠷ ᠤᠷᠤᠨ ᠡᠯ᠎ᠡ ᠪᠠᠶᠢᠭᠤᠯᠭ᠎ᠠ ᠡᠴᠡ ᠤᠯᠤᠰ ᠲᠦᠷᠦ ᠶᠢᠨ ᠵᠤᠭᠰᠤᠴᠠ ᠪᠠᠨ ᠲᠡᠭᠡᠭᠰᠢᠯᠡᠭᠦᠯᠵᠦ᠂ ᠦᠭᠡᠷᠡᠴᠢᠯᠡᠯᠳᠡ ᠶᠢᠨ ᠪᠦᠬᠦ ᠲᠠᠯ᠎ᠠ ᠶᠢ ᠪᠤᠳᠤᠯᠬᠢᠯᠠᠵᠤ᠂ ᠲᠤᠰ ᠠᠵᠢᠯ ᠢ ᠲᠡᠭᠡᠳᠦ ᠬᠡᠮᠵᠢᠶ᠎ᠡ ᠪᠡᠷ ᠴᠢᠬᠤᠯᠠᠴᠢᠯᠠᠨ᠂ ᠦᠵᠡᠯ ᠰᠠᠨᠠᠭ᠎ᠠ ᠪᠠ ᠦᠢᠯᠡᠳᠦᠯᠭᠡ ᠪᠡᠨ ᠦᠨᠡᠨᠬᠦ ᠲᠦᠪ᠂ ᠠᠷᠠᠳ ᠤᠨ ᠲᠡᠭᠡᠳᠦ ᠪᠠᠶᠢᠴᠠᠭᠠᠬᠤ ᠬᠤᠷᠢᠶ᠎ᠠ ᠪᠠ ᠦᠪᠡᠷᠳᠡᠭᠡᠨ ᠵᠠᠰᠠᠬᠤ ᠤᠷᠤᠨ ‍ᠣ ᠨᠠᠮ ᠤᠨ ᠬᠤᠷᠢᠶ᠎ᠠ ᠶᠢᠨ ᠰᠢᠢᠳᠪᠦᠷᠢ ᠪᠠᠶᠢᠷᠢᠯᠠᠭᠤᠯᠤᠯᠳᠠ ᠲᠠᠢ ᠨᠢᠭᠡᠳᠬᠡᠵᠦ᠂ ᠬᠠᠮᠳᠤᠷᠠᠨ ᠴᠢᠷᠮᠠᠶᠢᠵᠤ᠂ ᠡᠨᠡᠬᠦ ᠠᠵᠢᠯ ᠢ ᠪᠦᠳᠦᠮᠵᠢᠳᠠᠢ ᠪᠡᠶᠡᠯᠡᠭᠦᠯᠬᠦ ᠶᠢ ᠪᠠᠳᠤᠯᠠᠬᠤ ᠬᠡᠷᠡᠭᠳᠡᠢ᠃

    ᠬᠤᠷᠠᠯ ᠨᠢ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠢ ᠲᠤᠭᠳᠠᠭᠠᠬᠤ ᠪᠠ ᠲᠡᠰ ᠲᠡᠪᠰᠢᠭᠦᠯᠬᠦ ᠠᠵᠢᠯ ᠤᠨ ᠵᠠᠩᠭᠢᠯᠠᠭ᠎ᠠ ᠶᠢᠨ ᠠᠰᠠᠭᠤᠳᠠᠯ ᠪᠠ ᠴᠢᠬᠤᠯᠠ ᠶᠠᠪᠤᠴᠠ ᠶᠢᠨ ᠲᠤᠭᠤᠷᠢᠨ ᠳᠤ ᠭᠤᠤᠯᠳᠠᠯᠭ᠎ᠠ ᠶᠢ ᠲᠤᠪᠤᠶᠢᠯᠭᠠᠨ᠂ ᠵᠢᠷᠦᠮ ᠢ ᠴᠢᠩᠭᠠᠯᠠᠬᠤ ᠶᠢ ᠲᠤᠳᠤᠷᠬᠠᠢ ᠲᠤᠷᠠᠳᠴᠠᠢ᠃ ᠬᠤᠷᠠᠯ ᠤᠨ ᠦᠵᠡᠬᠦ ᠪᠡᠷ᠂ ᠲᠤᠰ ᠤᠳᠠᠭᠠᠨ ‍ᠣ ᠠᠵᠢᠯ ᠨᠢ ᠤᠯᠤᠰ ᠲᠦᠷᠦᠴᠢ ᠴᠢᠨᠠᠷ ᠪᠠ ᠲᠦᠷᠦ ᠶᠢᠨ ᠪᠤᠳᠤᠯᠭᠠᠳᠤ ᠴᠢᠨᠠᠷ ᠢᠶᠠᠷ ᠴᠢᠩᠭ᠎ᠠ ᠮᠦᠷᠳᠡᠭᠡᠨ ᠪᠦᠬᠦ ᠤᠷᠤᠨ ᠳᠤ ᠠᠩᠬᠠᠳᠠᠭᠴᠢ ᠤᠳᠠᠭ᠎ᠠ ᠦᠷᠨᠢᠭᠦᠯᠵᠦ᠂ ᠠᠭᠤᠯᠭ᠎ᠠ ᠰᠢᠨ᠎ᠡ᠂ ᠠᠵᠢᠯ ᠤᠨ ᠱᠠᠭᠠᠷᠳᠠᠯᠭ᠎ᠠ ᠪᠠᠷᠢᠮᠵᠢᠶ᠎ᠠ ᠦᠨᠳᠦᠷ᠂ ᠴᠠᠭ ᠪᠠᠴᠢᠮ᠂ ᠡᠯ᠎ᠡ ᠱᠠᠳᠤᠨ ‍ᠣ ᠨᠠᠮ ᠤᠨ ᠬᠤᠷᠢᠶᠠᠨ ‍ᠣ ᠵᠤᠬᠢᠶᠠᠨ ᠪᠠᠶᠢᠭᠤᠯᠬᠤ ᠬᠡᠯᠳᠡᠰ ᠪᠠ ᠪᠠᠶᠢᠴᠠᠭᠠᠬᠤ ᠬᠤᠷᠢᠶ᠎ᠠ ᠨᠠᠷᠢᠨ ᠬᠢᠨᠠᠮᠠᠭᠠᠢ ᠰᠤᠷᠤᠯᠴᠠᠵᠤ᠂ ᠮᠠᠲ᠋ᠧᠷᠢᠶᠠᠯ ᠤᠨ ᠵᠤᠷᠢᠭ ᠰᠠᠨᠠᠭ᠎ᠠ ᠪᠠ ᠲᠦᠷᠦ ᠶᠢᠨ ᠪᠤᠳᠤᠯᠭ᠎ᠠ ᠶᠢᠨ ᠱᠠᠭᠠᠷᠳᠠᠯᠭ᠎ᠠ ᠶᠢ ᠭᠦᠨᠵᠡᠭᠡᠢ ᠤᠶᠢᠯᠠᠭᠠᠬᠤ ᠬᠡᠷᠡᠭᠳᠡᠢ᠃ ᠨᠢᠭᠡ ᠳᠦ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠦᠨ ᠪᠠᠶᠢᠭᠤᠯᠤᠯᠳᠠ ᠶᠢᠨ ᠲᠤᠭᠳᠠᠭᠠᠯ ᠢ ᠤᠨᠤᠪᠴᠢᠳᠠᠢ ᠠᠳᠬᠤᠬᠤ ᠬᠡᠷᠡᠭᠳᠡᠢ︔ ᠬᠤᠶᠠᠷ ᠲᠤ᠂ ᠠᠵᠢᠯ ᠤᠨ ᠠᠷᠭ᠎ᠠ ᠪᠠᠷᠢᠯ ᠪᠠ ᠠᠭᠤᠯᠭ᠎ᠠ ᠪᠠᠨ ᠤᠨᠤᠪᠴᠢᠳᠠᠢ ᠠᠳᠬᠤᠬᠤ ᠬᠡᠷᠡᠭᠳᠡᠢ︔ ᠭᠤᠷᠪᠠ ᠳᠤ᠂ ᠲᠡᠰ ᠲᠡᠪᠰᠢᠭᠦᠯᠬᠦ ᠨᠦᠭᠦᠴᠡᠯ ᠢ ᠤᠨᠤᠪᠴᠢᠳᠠᠢ ᠠᠳᠬᠤᠬᠤ ᠬᠡᠷᠡᠭᠳᠡᠢ︔ ᠲᠦᠷᠪᠡ ᠳᠦ ᠠᠵᠢᠯ ᠤᠨ ᠵᠢᠷᠦᠮ ᠢ ᠤᠨᠤᠪᠴᠢᠳᠠᠢ ᠠᠳᠬᠤᠵᠤ᠂ ᠲᠦᠷᠦ ᠶᠢᠨ ᠪᠤᠳᠤᠯᠭ᠎ᠠ ᠶᠢ ᠤᠨᠤᠪᠴᠢᠳᠠᠢ ᠬᠡᠷᠡᠭᠵᠢᠭᠦᠯᠬᠦ ᠶᠢ ᠪᠠᠳᠤᠯᠠᠬᠤ ᠬᠡᠷᠡᠭᠳᠡᠢ᠃ ᠤᠨᠴᠠᠭᠠᠶᠢᠯᠠᠨ ᠲᠡᠰ ᠲᠤᠭᠳᠠᠭᠠᠬᠤ᠂ ᠬᠤᠭᠤᠴᠠᠭ᠎ᠠ ᠶᠤᠰᠤᠭᠠᠷ ᠲᠡᠪᠰᠢᠭᠦᠯᠬᠦ᠂ ᠰᠢᠯᠢᠳᠡᠭ ᠢ ᠰᠤᠩᠭᠤᠨ ᠲᠡᠪᠰᠢᠭᠦᠯᠬᠦ ᠭᠤᠷᠪᠠᠨ ᠵᠦᠢᠯ ᠦᠨ ᠠᠵᠢᠯ ᠤᠨ ᠪᠤᠳᠠᠳᠠᠢ ᠱᠠᠭᠠᠷᠳᠠᠯᠭ᠎ᠠ ᠪᠠ ᠲᠤᠰᠢᠶᠠᠯ ᠤᠨ ᠡᠷᠬᠡ ᠮᠡᠳᠡᠯ ᠢ ᠶᠡᠷᠦᠩᠬᠡᠢ ᠳ᠋ᠤᠨᠢ ᠰᠠᠶᠢᠳᠤᠷ ᠠᠳᠬᠤᠬᠤ ᠬᠡᠷᠡᠭᠳᠡᠢ᠃

    ᠬᠤᠷᠠᠯ ᠤᠨ ᠡᠴᠦᠰ ᠲᠦ ᠵᠤᠬᠢᠶᠠᠨ ᠪᠠᠶᠢᠭᠤᠯᠵᠤ ᠬᠡᠷᠡᠭᠵᠢᠭᠦᠯᠬᠦ ᠶᠢ ᠴᠢᠩᠭᠠᠳᠬᠠᠨ᠂ ᠦᠨᠳᠦᠷ ᠴᠢᠨᠰᠠᠭ᠎ᠠ ᠦᠨᠳᠦᠷ ᠪᠦᠳᠦᠮᠵᠢᠳᠠᠢ ᠪᠡᠷ ᠬᠤᠭᠤᠴᠠᠭ᠎ᠠ ᠶᠤᠰᠤᠭᠠᠷ ᠦᠭᠡᠷᠡᠴᠢᠯᠡᠯᠳᠡ ᠶᠢᠨ ᠡᠭᠦᠷᠭᠡ ᠶᠢ ᠪᠡᠶᠡᠯᠡᠭᠦᠯᠬᠦ ᠶᠢ ᠪᠠᠳᠤᠯᠠᠬᠤ ᠬᠡᠷᠡᠭᠳᠡᠢ ᠭᠡᠵᠦ ᠴᠢᠬᠤᠯᠠᠴᠢᠯᠠᠵᠠᠢ᠃ ᠬᠠᠷᠢᠭᠤᠴᠠᠯᠭ᠎ᠠ ᠡᠭᠦᠷᠭᠡᠯᠡᠯ ᠢ ᠴᠢᠩᠭᠠᠳᠬᠠᠵᠤ᠂ ᠲᠡᠭᠡᠳᠦ ᠬᠡᠮᠵᠢᠶᠠᠨ ‍ᠣ ᠤᠯᠤᠰ ᠲᠦᠷᠦ ᠶᠢᠨ ᠦᠵᠡᠯ ᠤᠬᠠᠮᠰᠠᠷ᠂ ᠴᠢᠩᠭ᠎ᠠ ᠬᠠᠷᠢᠭᠤᠴᠠᠯᠭᠠᠳᠤ ᠡᠭᠦᠷᠭᠡᠯᠡᠯ ᠪᠠ ᠯᠠᠪᠳᠠᠭᠤᠨ ᠪᠠᠳᠤᠳᠠᠢ ᠠᠵᠢᠯ ᠤᠨ ᠰᠤᠷᠳᠠᠯ ᠢᠶᠠᠷ᠂ ᠤᠳᠤᠷᠢᠳᠤᠯᠭ᠎ᠠ ᠪᠠᠨ ᠴᠢᠩᠭᠠᠳᠬᠠᠨ᠂ ᠨᠢᠭᠳᠠ ᠵᠤᠬᠢᠶᠠᠨ ᠪᠠᠶᠢᠭᠤᠯᠤᠨ ᠬᠡᠷᠡᠭᠵᠢᠭᠦᠯᠵᠦ᠂ ᠭᠤᠤᠯ ᠤᠳᠤᠷᠢᠳᠤᠯᠭ᠎ᠠ ᠡᠴᠡ ᠪᠦᠬᠦ ᠲᠠᠯ᠎ᠠ ᠶᠢ ᠠᠳᠬᠤᠨ᠂ ᠬᠤᠪᠢᠳᠠᠨ ᠬᠠᠮᠢᠶᠠᠷᠬᠤ ᠤᠳᠤᠷᠢᠳᠤᠯᠭ᠎ᠠ ᠡᠴᠡ ᠬᠠᠷᠢᠭᠤᠴᠠᠵᠤ᠂ ᠪᠤᠳᠠᠳᠠᠢ ᠰᠠᠯᠠᠭ᠎ᠠ ᠮᠦᠴᠢᠷ ᠪᠠ ᠠᠵᠢᠯᠳᠠᠨ ᠬᠡᠷᠡᠭᠵᠢᠭᠦᠯᠵᠦ᠂ ᠪᠤᠰᠤᠳ ᠠᠵᠢᠯᠳᠠᠨ ᠡᠴᠡ ᠠᠵᠢᠯ ᠤᠨ ᠲᠤᠭᠳᠠᠴᠠ ᠲᠠᠢ ᠲᠤᠬᠢᠷᠠᠯᠴᠠᠵᠤ᠂ ᠪᠠᠶᠢᠴᠠᠭᠠᠬᠤ ᠲᠤᠰᠢᠶᠠᠯᠳᠠᠨ ‍ᠣ ᠲᠤᠰᠢᠶᠠᠯ ᠤᠨ ᠲᠡᠰ ᠢ ᠲᠤᠭᠳᠠᠭᠠᠬᠤ ᠪᠠ ᠲᠡᠰ ᠲᠡᠪᠰᠢᠭᠦᠯᠬᠦ ᠠᠵᠢᠯ ᠢ ᠵᠤᠬᠢᠶᠠᠨ ᠪᠠᠶᠢᠭᠤᠯᠬᠤ ᠪᠠ ᠲᠦᠯᠬᠢᠨ ᠠᠬᠢᠭᠤᠯᠬᠤ ᠡᠭᠦᠷᠭᠡ ᠶᠢ ᠦᠨᠡᠨᠬᠦ ᠡᠭᠦᠷᠭᠡᠯᠡᠬᠦ ᠬᠡᠷᠡᠭᠳᠡᠢ ᠭᠡᠵᠦ ᠲᠤᠷᠠᠳᠴᠠᠢ᠃ ᠠᠵᠢᠯ ᠤᠨ ᠬᠦᠭ ᠠᠶᠠᠰ ᠪᠠ ᠠᠵᠢᠯᠯᠠᠬᠤ ᠱᠠᠭᠠᠷᠳᠠᠯᠭ᠎ᠠ ᠶᠢ ᠴᠢᠩᠭᠠᠳᠬᠠᠵᠤ᠂ ᠡᠯ᠎ᠡ ᠲᠦᠷᠦᠯ ᠦᠨ ᠠᠵᠢᠯ ᠢ 5 ᠰᠠᠷ᠎ᠠ ᠶᠢᠨ ᠰᠡᠭᠦᠯᠴᠢ ᠡᠴᠡ ᠡᠮᠦᠨ᠎ᠡ ᠪᠡᠶᠡᠯᠡᠭᠦᠯᠬᠦ ᠬᠡᠷᠡᠭᠳᠡᠢ᠃

    ᠪᠦᠬᠦ ᠤᠷᠤᠨ ‍ᠣ ᠠᠵᠢᠯ ᠤᠨ ᠠᠯᠬᠤᠮ ᠢ ᠨᠢᠭᠡᠳᠬᠡᠵᠦ᠂ ᠨᠢᠭᠡᠳᠦᠯᠳᠠᠢ ᠲᠦᠷᠢᠮᠵᠢᠭᠦᠯᠬᠦ ᠶᠢ ᠪᠠᠳᠤᠯᠠᠬᠤ ᠶᠢᠨ ᠲᠦᠯᠦᠭᠡ᠂ ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶ᠎ᠠ ᠲᠤᠰᠬᠠᠶᠢᠯᠠᠨ ︽ᠪᠠᠶᠢᠴᠠᠭᠠᠬᠤ ᠲᠤᠰᠢᠶᠠᠯᠳᠠᠨ ‍ᠣ ᠲᠡᠰ ᠢ ᠲᠤᠭᠳᠠᠭᠠᠬᠤ ᠪᠠ ᠲᠡᠰ ᠲᠡᠪᠰᠢᠭᠦᠯᠬᠦ ᠠᠵᠢᠯ ᠤᠨ ᠠᠵᠢᠯᠯᠠᠬᠤ ᠲᠦᠷᠢᠮ ᠲᠤᠭᠳᠠᠭᠠᠯ︾ ᠲᠤᠭᠳᠠᠭᠠᠵᠤ᠂ ᠲᠡᠰ ᠲᠤᠭᠳᠠᠭᠠᠬᠤ᠂ ᠬᠤᠭᠤᠴᠠᠭ᠎ᠠ ᠶᠤᠰᠤᠭᠠᠷ ᠲᠡᠪᠰᠢᠭᠦᠯᠬᠦ᠂ ᠰᠢᠯᠢᠨ ᠰᠤᠩᠭᠤᠵᠤ ᠲᠡᠪᠰᠢᠭᠦᠯᠬᠦ ᠭᠤᠷᠪᠠᠨ ᠵᠦᠢᠯ ᠦᠨ ᠠᠵᠢᠯ ᠤᠨ ᠦᠨᠳᠦᠰᠦᠨ ᠠᠯᠬᠤᠮ ᠲᠠᠷᠠᠭ᠎ᠠ ᠶᠢ ᠲᠤᠳᠤᠷᠬᠠᠶᠢᠯᠠᠵᠤ᠂ ᠬᠦᠰᠦᠨᠦᠭ ᠪᠠ ᠦᠯᠢᠭᠡᠷ ᠲᠡᠪᠳᠡᠷ ᠵᠤᠬᠢᠶᠠᠭᠰᠠᠨ ᠮᠦᠷᠳᠡᠭᠡᠨ ᠠᠵᠢᠯᠯᠠᠭᠤᠯᠬᠤ ᠲᠤᠮᠳᠠᠬᠢ ᠪᠤᠳᠠᠳᠠᠢ ᠠᠰᠠᠭᠤᠳᠠᠯ ᠳᠤ ᠬᠠᠷᠢᠭᠤᠯᠳᠠ ᠦᠭᠴᠡᠢ᠃


ᠢᠷᠡᠯᠲᠡ
ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro