ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠦᠪᠦᠷ ᠮᠤᠩᠭᠤᠯ ᠤᠨ ᠪᠠᠶᠢᠴᠠᠭᠠᠬᠤ ᠬᠦᠮᠦᠰ ᠶᠠᠷᠢᠶ᠎ᠠ ᠢᠯᠡᠳᠭᠡᠯ ᠢᠶᠠᠷ ︽ ᠦᠨᠡᠨᠴᠢ ᠰᠢᠳᠤᠷᠭᠤ᠂ ᠠᠷᠢᠭᠤᠨ ᠴᠢᠭᠡᠴᠢ᠂ ᠡᠭᠦᠷᠭᠡᠯᠡᠯ︾ ᠢ ᠲᠠᠶᠢᠯᠪᠦᠷᠢᠯᠠᠯ᠎ᠠ

2017-09-14 11:32:15
ᠵᠣᠬᠢᠶᠠᠭᠴᠢ
ᠪᠤᠤ ᠡᠾᠦ᠋ᠢ ᠮᠧᠢ

ᠪᠦᠬᠦ ᠤᠷᠤᠨ ‍ᠣ ᠪᠠᠶᠢᠴᠠᠭᠠᠬᠤ ᠪᠠᠶᠢᠭᠤᠯᠭ᠎ᠠ ᠶᠢᠨ ︽ᠦᠨᠡᠨᠴᠢ ᠰᠢᠳᠤᠷᠭᠤ᠂ ᠠᠷᠢᠭᠤᠨ ᠴᠢᠭᠡᠴᠢ᠂ ᠡᠭᠦᠷᠭᠡᠯᠡᠯ︾ ᠰᠡᠳᠦᠪᠳᠦ ᠶᠠᠷᠢᠶ᠎ᠠ ᠢᠯᠡᠳᠭᠡᠯ ᠦᠨ ᠤᠷᠤᠯᠳᠤᠭᠠᠨ ‍ᠣ ᠠᠬᠤᠢ ᠲᠠᠯᠠᠪᠠᠢ

W020170822376995560066.jpg

    8 ᠰᠠᠷ᠎ᠠ ᠶᠢᠨ 21 ‍ᠣ ᠡᠳᠦᠷ ᠦᠨ ᠦᠳᠡ ᠶᠢᠨ ᠬᠤᠶᠢᠨ᠎ᠠ᠂ ᠪᠦᠬᠦ ᠤᠷᠤᠨ ‍ᠣ ᠪᠠᠶᠢᠴᠠᠭᠠᠬᠤ ᠪᠠᠶᠢᠭᠤᠯᠭ᠎ᠠ ᠶᠢᠨ ︽ ᠦᠨᠡᠨᠴᠢ ᠰᠢᠳᠤᠷᠭᠤ᠂ ᠠᠷᠢᠭᠤᠨ ᠴᠢᠭᠡᠴᠢ᠂ ᠡᠭᠦᠷᠭᠡᠯᠡᠯ︾ ᠰᠡᠳᠦᠪᠳᠦ ᠶᠠᠷᠢᠶ᠎ᠠ ᠢᠯᠡᠳᠭᠡᠯ ᠦᠨ ᠤᠷᠤᠯᠳᠤᠭᠠᠨ ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ᠳᠤ ᠶᠠᠪᠤᠭᠳᠠᠵᠠᠢ᠃

    ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ‍ᠣ ᠤᠳᠤᠷᠢᠳᠤᠯᠭ᠎ᠠ ᠨᠠᠷ ᠶᠠᠷᠢᠶ᠎ᠠ ᠢᠯᠡᠳᠭᠡᠯ ᠦᠨ ᠤᠷᠤᠯᠳᠤᠭᠠᠨ ᠢ ᠰᠤᠨᠢᠷᠬᠠᠵᠤ ᠪᠠᠶᠢᠭ᠎ᠠ ᠨᠢ

W020170822376996168150.jpg

    ᠮᠠ ᠶᠦᠩ ᠱᠧᠩ ᠪᠠᠶᠢᠴᠠᠭᠠᠬᠤ ᠲᠠᠷᠤᠭ᠎ᠠ ᠪᠠ ᠭᠤᠷᠪᠠᠨ ᠱᠠᠳᠤᠨ ‍ᠣ ᠪᠠᠶᠢᠴᠠᠭᠠᠬᠤ ᠠᠵᠢᠯᠳᠠᠨ ᠬᠠᠷᠠᠭᠠᠨ ᠲᠠᠪᠳᠠᠮᠵᠢᠳᠤ ᠬᠤᠷᠠᠯ ᠤᠨ ᠰᠢᠰᠲ᠋ᠧᠮ ᠢᠶᠡᠷ ᠲᠠᠮᠵᠢᠨ ᠤᠷᠤᠯᠳᠣᠭᠠᠨ ᠢ ᠰᠤᠨᠢᠷᠬᠠᠭᠰᠠᠨ ᠪᠠᠶᠢᠨ᠎ᠠ᠃

    ᠬᠢᠨᠠᠭᠴᠢᠳ ᠡᠴᠡ ᠬᠤᠪᠢ ᠤᠯᠭᠤᠵᠤ ᠪᠠᠶᠢᠭ᠎ᠠ ᠨᠢ

W020170822376996664521.jpg

    ᠲᠤᠰ ᠤᠳᠠᠭᠠᠨ ‍ᠣ ᠶᠠᠷᠢᠶ᠎ᠠ ᠢᠯᠡᠳᠭᠡᠯ ᠦᠨ ᠤᠷᠤᠯᠳᠤᠭᠠᠨ ᠪᠤᠯ ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶ᠎ᠠ ︽ᠬᠤᠶᠠᠷ ᠢ ᠰᠤᠷᠤᠯᠴᠠᠵᠤ ᠬᠢᠷᠢ ᠲᠡᠩᠴᠡᠭᠰᠡᠨ ᠨᠠᠮ ᠤᠨ ᠭᠡᠰᠢᠭᠦᠨ ᠪᠤᠯᠬᠤ︾ ᠰᠤᠷᠤᠯᠴᠠᠯᠭ᠎ᠠ ᠬᠦᠮᠦᠵᠢᠯ ᠢ ᠪᠠᠶᠢᠩᠭᠤᠵᠢᠭᠤᠯᠬᠤ ᠲᠦᠷᠢᠮᠵᠢᠭᠦᠯᠬᠦ ᠶᠢ ᠭᠦᠨᠵᠡᠭᠡᠢ ᠲᠦᠯᠬᠢᠨ ᠠᠬᠢᠭᠤᠯᠵᠤ᠂ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠠᠮᠵᠢᠯᠳᠠ ᠲᠠᠢ ᠬᠤᠷᠠᠯᠳᠤᠬᠤ ᠶᠢ ᠪᠠᠶᠠᠷᠯᠠᠨ ᠤᠭᠳᠤᠬᠤ ᠶᠢᠨ ᠲᠦᠯᠦᠭᠡ ᠡᠷᠬᠢᠯᠡᠭᠰᠡᠨ ᠪᠦᠬᠦ ᠤᠷᠤᠨ ‍ᠣ ᠴᠢᠨᠠᠷᠳᠠᠢ ᠪᠠᠶᠢᠴᠠᠭᠠᠬᠤ ᠰᠤᠶᠤᠯ ᠤᠨ ᠬᠦᠳᠡᠯᠭᠡᠭᠡᠨ ᠪᠤᠯᠤᠨ᠎ᠠ᠂ 4 ᠰᠠᠷ᠎ᠠ ᠶᠢᠨ ᠲᠤᠷᠰᠢ᠂ ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶ᠎ᠠ ᠂ ᠡᠯ᠎ᠡ ᠠᠶᠢᠮᠠᠭ ᠬᠤᠳᠠ ᠭᠠᠵᠠᠷ ᠤᠷᠤᠨ ‍ᠣ ᠪᠠᠶᠢᠴᠠᠭᠠᠬᠤ ᠬᠤᠷᠢᠶ᠎ᠠ ᠤᠷᠢᠳ ᠬᠤᠵᠢᠳ ᠠᠩᠬᠠᠨ ‍ᠣ ᠤᠷᠤᠯᠳᠤᠭᠠᠨ ᠶᠠᠪᠤᠭᠤᠯᠵᠤ᠂ ᠲᠡᠰ ᠲᠡᠰ ᠢᠶᠡᠷ ᠰᠤᠩᠭᠤᠨ ᠰᠢᠯᠭᠠᠷᠠᠭᠤᠯᠵᠤ᠂ ᠬᠠᠮᠤᠭ ᠡᠴᠦᠰ ᠲᠦ15 ᠨᠡᠷᠡᠰ ᠤᠷᠤᠯᠴᠠᠭᠴᠢ ᠴᠤᠯᠭᠤᠷᠠᠨ ᠭᠠᠷᠴᠤ ᠰᠢᠢᠳᠪᠦᠷᠢᠳᠤ ᠤᠷᠤᠯᠳᠤᠭᠠᠨ ᠳᠤ ᠤᠷᠤᠯᠴᠠᠭᠰᠠᠨ ᠪᠠᠶᠢᠨ᠎ᠠ᠃

    ᠤᠷᠤᠯᠳᠤᠭᠴᠢᠳ ᠤᠨ ᠴᠤᠭ ᠵᠢᠪᠬᠤᠭ᠎ᠠ

W020170822376997118601.jpg

W020170822376997531748.jpg

    ᠶᠠᠷᠢᠶ᠎ᠠ ᠢᠯᠡᠳᠭᠡᠯ ᠦᠨ ᠤᠷᠤᠯᠳᠤᠭᠠᠨ ᠲᠤᠮᠳᠠ᠂ ᠤᠷᠤᠯᠳᠤᠭᠴᠢᠳ ᠡᠴᠡ ᠦᠪᠡᠷ ᠦᠨ ᠪᠡᠶ᠎ᠡ ᠶᠢᠨ ᠲᠡᠷᠭᠡᠳᠡᠬᠢ ᠬᠦᠮᠦᠨ ᠪᠠ ᠬᠡᠷᠡᠭ ᠤᠴᠢᠷ ᠢᠶᠠᠷ ᠰᠡᠳᠦᠪᠯᠡᠵᠦ ︽ ᠦᠨᠡᠨᠴᠢ ᠰᠢᠳᠤᠷᠭᠤ᠂ ᠠᠷᠢᠭᠤᠨ ᠴᠢᠭᠡᠴᠢ᠂ ᠡᠭᠦᠷᠭᠡᠯᠡᠯ︾ ᠢ ᠲᠠᠶᠢᠯᠪᠦᠷᠢᠯᠠᠭᠰᠠᠨ ᠪᠠᠶᠢᠨ᠎ᠠ᠂ ᠶᠠᠷᠢᠶ᠎ᠠ ᠢᠯᠡᠳᠭᠡᠯ ᠦᠨ ᠲᠤᠮᠳᠠᠬᠢ ᠭᠤᠤᠯ ᠪᠠᠭᠠᠳᠤᠷ ᠤᠳ ᠤᠯᠠᠩᠬᠢ ᠨᠢ ᠡᠭᠡᠯ ᠵᠢᠷ ᠦᠨ ᠬᠦᠮᠦᠰ᠂ ᠦᠪᠡᠷ ᠦᠨ ᠲᠤᠬᠠᠶᠢᠯᠠᠭᠰᠠᠨ ᠠᠵᠢᠯ ᠤᠨ ᠪᠠᠶᠢᠷᠢᠨ ᠳ᠋ᠠᠭᠠᠨ ᠲᠠᠭᠤ ᠴᠢᠮᠡᠭᠡ ᠦᠭᠡᠢ ᠵᠢᠳᠬᠦᠵᠦ᠂ ᠪᠠᠶᠢᠴᠠᠭᠠᠬᠤ ᠦᠢᠯᠡᠰ ᠦᠨ ︽ᠦᠨᠡᠨᠴᠢ ᠰᠢᠳᠤᠷᠭᠤ᠂ ᠠᠷᠢᠭᠤᠨ ᠴᠢᠭᠡᠴᠢ᠂ ᠡᠭᠦᠷᠭᠡᠯᠡᠯ︾ ᠢ ᠪᠢᠴᠢᠭᠯᠡᠭᠰᠡᠨ ᠪᠠᠶᠢᠨ᠎ᠠ᠃

    ᠦᠪᠡᠷᠳᠡᠭᠡᠨ ᠵᠠᠰᠠᠬᠤ ᠤᠷᠤᠨ ‍ᠣ ᠰᠢᠭᠤᠳ ᠬᠠᠷᠢᠶ᠎ᠠ ᠪᠠᠶᠢᠭᠤᠯᠭ᠎ᠠ ᠶᠢᠨ ᠠᠵᠢᠯᠯᠠᠬᠤ ᠬᠤᠷᠢᠶᠠᠨ ‍ᠣ ᠲᠡᠳ᠋ ᠲᠤᠭᠤᠷᠢᠨ ᠪᠠᠶᠢᠴᠠᠭᠠᠭᠴᠢ ᠸᠧᠢ ᠵᠠᠨ ᠹᠧᠢ ᠡᠴᠡ ᠤᠷᠤᠯᠳᠤᠭᠴᠢᠳ ᠤᠨ ᠶᠠᠷᠢᠶ᠎ᠠ ᠢᠯᠡᠳᠭᠡᠯ ᠦᠨ ᠰᠡᠳᠦᠪ ᠲᠤᠳᠤᠷᠬᠠᠢ᠂ ᠠᠭᠤᠯᠭ᠎ᠠ ᠪᠠᠶᠠᠯᠢᠭ᠂ ᠦᠭᠡ ᠬᠡᠯᠡᠯᠭᠡ ᠠᠮᠢᠳᠤᠯᠢᠭ᠂ ᠬᠠᠶᠢᠷ᠎ᠠ ᠰᠡᠳᠭᠢᠯᠭᠡ ᠦᠨᠡᠨᠴᠢ ᠪᠠᠶᠢᠵᠤ᠂ ᠶᠠᠷᠢᠶ᠎ᠠ ᠢᠯᠡᠳᠭᠡᠯ ᠦᠨ ᠰᠦᠭ ᠰᠦᠨᠡᠰᠦ ᠶᠢ ᠠᠳᠬᠤᠵᠤ᠂ ᠰᠤᠨᠤᠰᠤᠭᠴᠢᠳ ᠤᠨ ᠰᠤᠨᠤᠷ ᠪᠠ ᠬᠠᠷᠠᠭ᠎ᠠ ᠶᠢ ᠮᠢᠯᠢᠶᠠᠭᠰᠠᠨ ᠪᠠᠶᠢᠨ᠎ᠠ ᠭᠡᠵᠦ ᠦᠨᠡᠯᠡᠵᠡᠢ᠃

    ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ‍ᠣ ᠤᠯᠤᠰ ᠲᠦᠷᠦ ᠶᠢᠨ ᠬᠡᠯᠳᠡᠰ ᠦᠨ ᠡᠷᠬᠢᠯᠡᠭᠴᠢ ᠸᠠᠩ ᡁᠢ ᠴᠢᠶᠠᠩ ᠡᠴᠡ ᠤᠷᠤᠯᠳᠤᠭᠴᠢᠳ ᠤᠨ ᠶᠠᠷᠢᠶ᠎ᠠ ᠢᠯᠡᠳᠭᠡᠯ ᠨᠢ ᠭᠤᠤᠯ ᠬᠦᠭ ᠠᠶᠠᠰ ᠪᠠ ᠪᠠᠶᠢᠴᠠᠭᠠᠬᠤ ᠬᠦᠴᠦᠨ ᠢ ᠪᠠᠳᠠᠷᠠᠭᠤᠯᠵᠤ᠂ ᠤᠯᠤᠰ ᠲᠦᠷᠦ ᠶᠢᠨ ᠲᠠᠯ᠎ᠠ ᠪᠠᠷ ᠦᠨᠳᠦᠷᠴᠡ ᠲᠠᠢ︔ ᠪᠤᠳᠠᠳᠠᠢ ᠲᠠᠢ ᠤᠶᠠᠯᠳᠤᠭᠤᠯᠵᠤ᠂ ᠠᠮᠢᠳᠤᠷᠠᠯ ᠲᠠᠢ ᠤᠶᠢᠷᠠᠳᠤᠨ᠂ ᠠᠭᠤᠯᠭ᠎ᠠ ᠶᠢᠨ ᠲᠠᠯ᠎ᠠ ᠪᠠᠷ ᠭᠦᠨᠴᠡ ᠲᠠᠢ︔ ᠦᠯᠢᠭᠡᠷ ᠨᠢ ᠢᠷᠠᠭᠤ ᠰᠠᠶᠢᠬᠠᠨ᠂ ᠲᠠᠭᠤ ᠰᠡᠳᠭᠢᠯᠭᠡ ᠬᠤᠤᠰᠯᠠᠨ᠂ ᠤᠷᠭᠢᠯᠤᠮ᠎ᠠ ᠬᠠᠯᠠᠭᠤᠨ ᠰᠡᠳᠭᠢᠯᠭᠡ ᠲᠠᠢ︔ ᠠᠷᠭ᠎ᠠ ᠮᠠᠶ᠋ᠢᠭ ᠪᠤᠯᠪᠠᠰᠤᠷᠠᠩᠭᠤᠢ᠂ ᠨᠠᠷᠢᠨ ᠬᠢᠨᠠᠮᠭᠠᠠᠢ ᠪᠡᠯᠡᠳᠭᠡᠨ᠂ ᠭᠦᠨ ᠵᠤᠵᠠᠭᠠᠨ ᠤᠷᠠᠯᠢᠭ ᠠᠪᠢᠶᠠᠰ ᠲᠠᠢ ᠪᠠᠶᠢᠨ᠎ᠠ ᠭᠡᠵᠦ ᠳ᠋ᠦᠩᠨᠡᠪᠡ᠃

    ᠪᠦᠬᠦ ᠤᠷᠤᠨ ‍ᠣ ᠪᠠᠶᠢᠴᠠᠭᠠᠬᠤ ᠪᠠᠶᠢᠭᠤᠯᠭ᠎ᠠ ᠡᠴᠡ ᠲᠤᠰ ᠤᠳᠠᠭᠠᠨ ‍ᠣ ᠬᠦᠳᠡᠯᠭᠡᠭᠡᠨ ᠢᠶᠡᠷ ᠲᠤᠬᠢᠶᠠᠯ ᠪᠤᠯᠭᠠᠵᠤ᠂ ᠲᠠᠨᠢᠯᠳᠠ ᠪᠠᠨ ᠤᠯᠠᠮ ᠨᠢᠭᠡ ᠠᠯᠬᠤᠮ ᠲᠡᠭᠡᠭᠰᠢᠯᠡᠭᠦᠯᠵᠦ᠂ ᠠᠷᠭ᠎ᠠ ᠬᠡᠮᠵᠢᠶ᠎ᠡ ᠪᠡᠨ ᠨᠠᠷᠢᠯᠢᠭᠵᠢᠭᠤᠯᠤᠨ᠂ ︽ᠬᠤᠶᠠᠷ ᠢ ᠰᠤᠷᠤᠯᠴᠠᠵᠤ ᠬᠢᠷᠢ ᠲᠡᠩᠴᠡᠭᠰᠡᠨ ᠨᠠᠮ ᠤᠨ ᠭᠡᠰᠢᠭᠦᠨ ᠪᠤᠯᠬᠤ︾ ᠰᠤᠷᠤᠯᠴᠠᠯᠭ᠎ᠠ ᠬᠦᠮᠦᠵᠢᠯ ᠢ ᠪᠠᠶᠢᠩᠭᠤᠵᠢᠭᠤᠯᠬᠤ ᠲᠦᠷᠢᠮᠵᠢᠭᠦᠯᠬᠦ ᠶᠢ ᠪᠠᠳᠤᠳᠠᠢ ᠲᠦᠯᠬᠢᠨ ᠠᠬᠢᠭᠤᠯᠤᠨ᠎ᠠ᠃ 

    ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ‍ᠣ ᠪᠠᠶᠢᠴᠠᠭᠠᠬᠤ ᠲᠠᠷᠤᠭ᠎ᠠ ᠮᠠ ᠶᠦᠩ ᠱᠧᠩ ᠲᠡᠷᠢᠭᠦᠨ ᠨᠡᠷᠡᠰ ᠲᠦ ᠱᠠᠩᠨᠠᠯ ᠭᠠᠷᠳᠠᠭᠤᠯᠵᠤ᠂ ᠬᠠᠮᠳᠤ ᠶᠢᠨ ᠰᠡᠭᠦᠳᠡᠷ ᠠᠪᠴᠤ ᠪᠠᠶᠢᠭ᠎ᠠ ᠨᠢ

W020170822379519824669.jpg

ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ‍ᠣ ᠪᠠᠶᠢᠩᠭᠤ ᠶᠢᠨ ᠲᠡᠳ᠋ ᠪᠠᠶᠢᠴᠠᠭᠠᠬᠤ ᠲᠠᠷᠤᠭ᠎ᠠ ᠯᠢ ᠮᠤᠤ ᠯᠢᠨ᠂ ᠲᠡᠳ᠋ ᠪᠠᠶᠢᠴᠠᠭᠠᠬᠤ ᠲᠠᠷᠤᠭ᠎ᠠ ᠵᠢᠶᠠᠨ ᠰᠢᠶᠣᠣ ᠸᠧᠨ᠂ ᠲᠡᠳ᠋ ᠪᠠᠶᠢᠴᠠᠭᠠᠬᠤ ᠲᠠᠷᠤᠭ᠎ᠠ ᠶᠠᠩ ᠸᠧᠢ ᠫᠢᠩ ᠬᠤᠶᠠᠳᠤᠭᠠᠷ ᠨᠡᠷᠡᠰ ᠲᠤ ᠱᠠᠩᠨᠠᠯ ᠭᠠᠷᠳᠠᠭᠤᠯᠵᠤ᠂ ᠬᠠᠮᠳᠤ  ᠶᠢᠨ ᠰᠡᠭᠦᠳᠡᠷ ᠠᠪᠴᠤ ᠪᠠᠶᠢᠭ᠎ᠠ ᠨᠢ

W020170822379520463311.jpg

ᠦᠪᠡᠷᠳᠡᠭᠡᠨ ᠵᠠᠰᠠᠬᠤ ᠤᠷᠤᠨ ‍ᠣ ᠪᠠᠶᠢᠴᠠᠭᠠᠬᠤ ᠬᠤᠷᠢᠶᠠᠨ ‍ᠣ ᠲᠡᠳ᠋ ᠪᠠᠶᠢᠴᠠᠭᠠᠬᠤ ᠲᠠᠷᠤᠭ᠎ᠠ ᠶᠦᠨ ᠰᠢᠶᠣᠣ᠂ ᠰᠠᠬᠢᠯᠭ᠎ᠠ ᠪᠠᠳᠤ ᠪᠠᠶᠢᠴᠠᠭᠠᠬᠤ ᠲᠤᠭᠤᠶᠢᠯᠠᠩ ᠤᠨ ᠲᠠᠷᠤᠭ᠎ᠠ ᠶᠤᠸᠠᠢ ᠱᠢ ᠭᠤᠸᠠᠩ᠂ ᠤᠯᠤᠰ ᠲᠦᠷᠦ ᠶᠢᠨ ᠬᠡᠯᠳᠡᠰ ᠦᠨ ᠡᠷᠬᠢᠯᠡᠭᠴᠢ ᠸᠠᠩ ᡁᠢ ᠴᠢᠶᠠᠩ ᠭᠤᠷᠪᠠᠳᠤᠭᠠᠷ ᠨᠡᠷᠡᠰ ᠲᠤ ᠱᠠᠩᠨᠠᠯ ᠭᠠᠷᠳᠠᠭᠤᠯᠵᠤ᠂ ᠬᠠᠮᠳᠤ  ᠶᠢᠨ ᠰᠡᠭᠦᠳᠡᠷ ᠠᠪᠴᠤ ᠪᠠᠶᠢᠭ᠎ᠠ ᠨᠢ

W020170822379520910498.jpg


ᠢᠷᠡᠯᠲᠡ
ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro