ᠶᠤᠸᠠᠨ ᠪᠣᠣ ᠱᠠᠨ ᠲᠤᠭᠤᠷᠢᠭ ᠠᠷᠡᠳ ᠪᠠᠶᠢᠴᠠᠭᠠᠬᠤ ᠬᠤᠷᠢᠶᠠᠨ ᠬᠠᠤᠯᠢ ᠴᠠᠭᠳᠠᠭ᠎ᠠ ᠶᠡᠭᠡ ᠠᠩᠭᠢ ᠬᠢᠨᠠᠵᠢᠯ ᠪᠠᠶᠢᠷᠢ ᠪᠣᠯᠪᠠᠰᠣᠷᠠᠭᠤᠯᠣᠯᠳᠠ ᠬᠦᠳᠡᠯᠭᠡᠭᠡᠨ ᠶᠠᠪᠣᠭᠳᠠᠭᠤᠯᠪᠠ
2015-12-01 10:42:32
ᠶᠤᠸᠠᠨ ᠪᠣᠣ ᠱᠠᠨ ᠲᠤᠭᠤᠷᠢᠭ ᠠᠷᠡᠳ ᠪᠠᠶᠢᠴᠠᠭᠠᠬᠤ ᠬᠤᠷᠢᠶᠠᠨ ᠬᠠᠤᠯᠢ ᠴᠠᠭᠳᠠᠭ᠎ᠠ ᠶᠡᠭᠡ ᠠᠩᠭᠢ ᠬᠢᠨ 《ᠬᠡᠪ ᠴᠢᠨᠡᠷ ᠴᠢᠩᠭᠠᠳᠬᠠᠨ᠂ ᠴᠢᠳᠠᠪᠦᠷᠢ ᠪᠠᠨ ᠳᠡᠭᠡᠭᠰᠢᠯᠡᠭᠦᠯᠵᠦ᠂ ᠰᠢᠯᠢᠳᠡᠭ ᠴᠡᠷᠢᠭ ᠢ ᠪᠣᠯᠪᠠᠰᠣᠷᠠᠭᠤᠯᠬᠤ》 ᠪᠠᠷ ᠭᠤᠣᠯ ᠠᠭᠤᠯᠭ᠎ᠠ ᠪᠣᠯᠭᠠᠭᠰᠠᠨ ᠠᠵᠢᠯ ᠪᠠᠶᠢᠷᠢ ᠪᠣᠯᠪᠠᠰᠣᠷᠠᠭᠤᠯᠣᠯᠳᠠ ᠬᠦᠳᠡᠯᠭᠡᠭᠡᠨ ᠶᠠᠪᠣᠭᠳᠠᠭᠤᠯᠪᠠ᠃ ᠲᠤᠰ ᠬᠦᠳᠡᠯᠭᠡᠭᠡᠨ ᠲᠠᠮᠵᠢᠨ ᠬᠠᠣᠯᠢ ᠴᠠᠭᠳᠠᠭᠠᠨ ᠲᠤᠬᠠᠶᠢᠯᠠᠭᠰᠠᠨᠠᠵᠢᠯ ᠴᠢᠳᠠᠪᠣᠷᠢ ᠪᠠ ᠪᠦᠬᠦ ᠲᠠᠯ᠎ᠠ ᠬᠡᠪ ᠴᠢᠨᠡᠷ ᠲᠡᠭᠡᠭᠰᠢᠯᠡᠬᠦᠯᠥᠭᠰᠡᠨ ᠪᠠᠶᠢᠨ᠎ᠠ᠃ ᠲᠣᠰ ᠣᠳᠠᠭᠠᠨ ᠠᠵᠢᠯ ᠪᠠᠶᠢᠷᠢ ᠪᠣᠯᠪᠠᠰᠣᠷᠠᠭᠤᠯᠣᠯᠳᠠ ᠨᠢ ᠭᠤᠣᠯᠳᠠᠭᠤ ᠭᠠᠪᠠ᠂ ᠴᠠᠭᠳᠠᠭᠠᠨ ᠳᠡᠭᠡᠰᠦ᠂ ᠪᠠᠷᠢᠬᠤ ᠲᠣᠣᠷ ᠵᠡᠷᠭᠡ ᠴᠠᠭᠳᠠᠭᠠᠨ ᠦᠷᠬᠦᠯᠵᠢ ᠬᠡᠷᠡᠭᠯᠡᠳᠡᠭ ᠪᠠᠭᠠᠵᠢ ᠬᠡᠷᠡᠭᠰᠡᠯ ᠢ ᠲᠣᠣᠱᠳᠠᠢ ᠡᠵᠡᠮᠰᠢᠬᠦ ᠱᠠᠭᠠᠷᠳᠠᠬᠤ ᠬᠠᠮᠳᠣ ᠭᠠᠷ ᠫᠤᠤ ᠫᠣᠣᠳᠠᠬᠤ ᠠᠷᠭ᠎ᠠ ᠳᠡᠮ ᠢ ᠵᠦᠪ ᠣᠨᠣᠪᠴᠢᠲᠠᠢ ᠡᠵᠡᠮᠰᠢᠵᠦ᠂ ᠪᠠᠷᠢᠪᠴᠢᠯᠠᠬᠤ ᠮᠡᠷᠭᠡᠵᠢᠯ ᠵᠢᠴᠢ ᠰᠦᠯᠵᠢᠶᠡᠨ ᠳᠡᠭᠡᠷ᠎ᠡ ᠠᠵᠢᠯᠯᠠᠬᠤ᠂ ᠬᠡᠷᠡᠭ ᠰᠢᠳᠭᠡᠭᠦ ᠴᠢᠳᠠᠪᠦᠷᠢ ᠵᠦᠪ ᠣᠨᠣᠪᠴᠢᠲᠠᠢ ᠰᠣᠷᠴᠦ ᠡᠵᠡᠮᠰᠢᠬᠦ ᠱᠠᠭᠠᠷᠳᠠᠭᠰᠠᠨ ᠪᠠᠶᠢᠨ᠎ᠠ᠃ ᠪᠣᠯᠪᠠᠰᠣᠷᠠᠭᠤᠯᠣᠯᠳᠠ ᠶᠠᠪᠣᠴᠠ ᠲᠣᠮᠳᠠ ᠬᠠᠦᠯᠢ ᠴᠠᠭᠳᠠᠭ᠎ᠠ ᠠᠩᠭᠢ ᠭᠡᠰᠢᠭᠦᠨ ᠪᠦᠷᠢ ᠲᠡᠰᠪᠦᠷᠢ ᠬᠠᠲᠠᠭᠤᠵᠢᠯᠲᠠᠢ ᠵᠣᠷᠢᠭ ᠰᠠᠨᠠᠭ᠎ᠠ᠂ ᠴᠦᠬᠦᠷᠡᠰᠢ ᠦᠭᠡᠢ ᠴᠢᠷᠮᠠᠶᠢᠯᠭ᠎ᠠ ᠪᠠᠷ ᠲᠠᠮᠵᠢᠨ ᠲᠤᠬᠠᠶᠢᠯᠠᠭᠰᠠᠨᠠᠵᠢᠯ ᠬᠡᠪ ᠴᠢᠨᠠᠷ ᠪᠠ ᠪᠣᠳᠠᠳᠦ ᠳᠠᠶᠢᠨ ᠮᠡᠷᠭᠡᠵᠢᠯ ᠶᠡᠬᠡᠪᠡᠷ ᠳᠡᠭᠡᠭᠰᠢᠯᠡᠭᠦᠯᠪᠡ᠃