ᠭᠠᠷ ᠬᠤᠯᠪᠤᠯᠴᠠᠨ ᠬᠢᠵᠢᠭ ᠢ ᠰᠡᠷᠭᠡᠶᠢᠯᠡᠶ᠎ᠡ

2022-10-20 16:39:15

 

                         

     ᠨᠠᠮᠤᠷ ᠴᠠᠭ ᠨᠠᠪᠴᠢᠰ ᠤᠯᠠᠷᠢᠯ ᠦᠩᠭᠡ ᠪᠠᠷ ᠰᠢᠷᠠᠯᠠᠳᠠᠭ ᠴᠦ

     ᠨᠠᠭᠠᠰᠢᠯᠠᠵᠤ ᠢᠷᠡᠳᠡᠭ ᠬᠠᠪᠤᠷ ᠲᠤ ᠪᠠᠨ ᠠᠬᠢᠭᠠᠳ ᠨᠠᠬᠢᠶᠠᠯᠠᠳᠠᠭ ᠤᠴᠢᠷ ᠲᠠᠢ

     ᠨᠠᠷᠮᠠᠢ ᠰᠠᠶᠢᠬᠠᠨ ᠡᠬᠡ ᠤᠷᠤᠨ ᠮᠢᠨᠢ ᠬᠢᠵᠢᠭ ᠮᠠᠨᠠᠨ ᠳᠤ ᠪᠦᠷᠭᠦᠭᠳᠡᠭᠰᠡᠨ ᠴᠦ

     ᠨᠢᠭᠳᠠᠷᠠᠵᠤ ᠪᠦᠯᠬᠦᠮᠳᠡᠭᠰᠡᠨ ᠪᠢᠳᠡᠨ ᠬᠦᠴᠦᠨ ᠳᠤ ᠢᠯᠠᠯᠳᠠ ᠤᠯᠳᠠᠭ ᠤᠴᠢᠷ ᠲᠠᠢ

    

    

     ᠡᠬᠡ ᠰᠠᠶᠢᠬᠠᠨ ᠪᠠᠶᠢᠭᠠᠯᠢ ᠮᠢᠨᠢ ᠦᠭᠭᠢᠶᠡᠮᠦᠷ ᠵᠦᠭᠡᠯᠡᠨ ᠪᠠᠶᠢᠳᠠᠭ ᠠᠴᠠ

     ᠢᠷᠡᠬᠦ ᠮᠠᠷᠭᠠᠰᠢ ᠬᠦᠰᠡᠯ ᠮᠢᠨᠢ ᠰᠠᠷᠠᠭᠤᠯ ᠭᠡᠭᠡᠨ ᠪᠠᠶᠢᠳᠠᠭ ᠶᠤᠮ

     ᠡᠷᠡᠬᠦᠯ ᠡᠩᠭᠡ  ᠡᠯᠴᠢᠳ ᠵᠢᠳᠭᠦᠯ ᠨᠢ ᠢᠷᠠᠭᠤ ᠪᠠᠶᠢᠳᠠᠭ ᠠᠴᠠ

     ᠡᠰᠡᠨ ᠮᠡᠨᠳᠦ ᠡᠬᠡ ᠤᠯᠤᠰ ᠮᠢᠨᠢ ᠠᠮᠤᠷ ᠲᠤᠭᠳᠠᠭᠤᠨ ᠪᠠᠶᠢᠳᠠᠭ ᠶᠤᠮ

    

    

     ᠠᠭᠠᠷ ᠲᠡᠭᠷᠢ ᠨᠠᠷᠠᠨ ᠢ ᠡᠬᠦᠯᠡ ᠬᠠᠯᠬᠠᠯᠠᠵᠤ ᠲᠡᠶᠢᠯᠳᠡᠭ ᠦᠭᠡᠢ

     ᠠᠭᠤᠤ ᠨᠠᠮ ᠬᠠᠯᠠᠮᠵᠢᠯᠠᠯ ᠲᠤᠤᠷ᠎ᠠ ᠬᠢᠵᠢᠭ ᠠᠴᠠ ᠪᠢᠳᠡ ᠰᠦᠷᠳᠡᠬᠦ ᠦᠬᠡᠢ

     ᠠᠷᠢᠭᠤᠨ ᠴᠡᠪᠡᠷ ᠢ ᠡᠷᠬᠢᠮᠯᠡᠨ ᠬᠠᠤᠯᠢ ᠲᠦᠷᠢᠮ ᠢ ᠵᠢᠷᠤᠮᠯᠠᠪᠠᠯ

     ᠠᠤᠭ᠎ᠠ ᠡᠬᠡ ᠤᠷᠤᠨ ᠳᠤ ᠪᠠᠨ ᠨᠡᠮᠡᠷᠢ ᠦᠵᠡᠬᠦᠯᠵᠦ ᠪᠠᠶᠢᠬᠤ ᠨᠢ ᠲᠡᠷᠡ

    

     

     ᠭᠠᠷᠬᠠᠯᠠᠨ ᠰᠠᠭᠤᠭᠰᠠᠨ ᠠᠨᠠᠷ ᠦᠷ᠎ᠡ ᠰᠢᠭ ᠲᠠᠪᠢᠨ ᠵᠢᠷᠭᠤᠭᠠᠨ ᠦᠨᠳᠦᠰᠦᠳᠡᠨ

     ᠭᠠᠷ ᠭᠠᠷ ᠬᠤᠯᠪᠤᠯᠴᠠᠨ ᠬᠢᠯᠢᠨᠴᠡᠳᠦ ᠬᠢᠵᠢᠭ ᠢ ᠰᠡᠷᠭᠡᠶᠢᠯᠡᠶ᠎ᠡ

     ᠠᠯᠬᠤᠨ ᠲᠤᠭᠤᠯᠬᠤ ᠦᠢᠯᠡᠰ ᠠᠮᠢᠳᠤᠷᠠᠯ ᠮᠢᠨᠢ ᠢᠳᠡᠭᠡᠯ ᠲᠦᠭᠦᠷᠡᠩ ᠪᠠᠶᠢᠬᠤ

     ᠠᠷᠪᠠᠨ ᠵᠦᠭ ᠲᠤ ᠪᠠᠨ ᠬᠡᠶᠢᠮᠤᠷᠢ ᠬᠤᠷᠤᠶᠢᠯᠠᠨ ᠵᠦᠩᠨᠡᠨ ᠵᠦᠩᠨᠡᠨ ᠪᠡᠯᠬᠡᠳᠡᠶ᠎ᠡ︕

                                 


                  2022.10.12

     

                  ᠵᠤᠬᠢᠶᠠᠭᠴᠢ᠄  ᠪᠣᠣ ᠭᠦᠸ᠋ᠸ ᠮᠸᠢ

     

    


ᠵᠣᠬᠢᠶᠠᠭᠴᠢ : ᠪᠣᠣ ᠭᠦᠸ᠋ᠸ ᠮᠸᠢ

ᠢᠷᠡᠯᠲᠡ : ᠵᠠᠯᠠᠶᠢᠳ ᠬᠤᠰᠢᠭᠤᠨ ᠠᠷᠠᠳ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.