ᠬᠦᠬᠡ ᠡᠪᠦᠭᠡᠳ ᠵᠠᠬᠢᠶᠠᠰᠦ

2023-10-27 12:50:31

  
    1᠂ ᠳᠡᠪᠡᠯ ᠪᠦᠰᠡ ᠤᠷᠢᠳᠤ ᠪᠠᠨ ᠵᠠᠩᠭᠢᠳᠤᠳᠠᠭ ᠦᠭᠡᠢ᠂ ᠨᠢᠯᠪᠤᠰᠤ ᠲᠤᠰᠤᠳᠠᠭ᠃
    2᠂ ᠠᠮᠠᠨ ᠳᠠᠭᠠᠨ ᠭᠢᠩᠰᠢᠳᠡᠭ ᠦᠭᠡᠢ᠂ ᠵᠤᠪᠠᠯᠠᠩ ᠲᠠᠭᠤᠳᠠᠳᠠᠭ᠃
    3᠂ ᠬᠦᠯ ᠠᠴᠢᠳᠠᠭ ᠦᠭᠡᠢ᠂ ᠭᠠᠢ ᠪᠤᠯᠳᠠᠭ᠃
    4᠂ ᠬᠦᠯ ᠰᠡᠭᠰᠡᠷᠳᠡᠭ ᠦᠭᠡᠢ᠂ ᠶᠠᠪᠤᠳᠠᠯ ᠤᠳᠠᠭᠠᠳᠠᠳᠠᠭ᠃
    5᠂ ᠪᠡᠶ᠎ᠡ ᠪᠠᠨ ᠵᠠᠶᠢᠮᠤᠴᠢᠳᠠᠭ ᠦᠭᠡᠢ᠂ ᠠᠵᠠ ᠵᠢᠷᠭᠠᠯ ᠭᠡᠭᠡᠳᠡᠭ᠃
    6᠂ ᠬᠡᠯᠡ ᠮᠡᠳᠡᠳᠡᠭ ᠦᠭᠡᠢ ᠠᠮᠢᠲᠠᠨ ᠳᠤ ᠬᠠᠯᠠᠭᠤᠨ ᠶᠠᠭᠤᠮ᠎ᠠ ᠦᠭᠳᠡᠭ ᠦᠭᠡᠢ᠂ ᠬᠢᠯᠢᠨᠴᠡ ᠲᠠᠢ᠃
    7᠂ ᠦᠳᠡᠰᠢ ᠪᠦᠷᠦᠢ᠂ ᠦᠨᠡᠬᠡᠨ ᠬᠠᠷᠠᠩᠭᠤᠢ ᠪᠠᠷ ᠬᠡᠷᠡᠯᠳᠦᠳᠡᠭ ᠦᠭᠡᠢ᠂ ᠮᠠᠭᠤ ᠢᠷᠸ᠎ᠠ ᠳᠠᠭᠤᠳᠠᠳᠠᠭ᠃
    8᠂ ᠪᠦᠰᠡᠨ ᠳᠡᠭᠡᠭᠦᠷ ᠠᠯᠬᠤᠳᠠᠭ ᠦᠭᠡᠢ᠂ ᠮᠠᠭᠤ ᠢᠷᠸ᠎ᠠ᠃
    9᠂ ᠡᠷᠴᠢᠯᠡᠭᠰᠡᠨ ᠤᠲᠠᠰᠤ᠂ ᠲᠡᠯᠢᠭᠦᠷ ᠳᠤᠤᠭᠤᠷ ᠰᠢᠷᠭᠤᠳᠠᠭ ᠦᠭᠡᠢ᠂ ᠰᠦᠯᠳᠡ ᠲᠤᠷᠤᠶᠢᠲᠠᠲᠠᠭ᠃
    10᠂ ᠡᠵᠢ ᠲᠠᠢ ᠬᠦᠮᠦᠨ ᠡᠷᠡᠦ ᠰᠢᠨᠠ ᠲᠤᠯᠲᠠᠭ ᠦᠭᠡᠢ᠂ ᠡᠬᠡ ᠨᠢ ᠦᠬᠦᠨ᠎ᠡ᠃
    11᠂ ᠤᠷᠤᠨ ᠳᠠᠭᠠᠨ ᠬᠤᠭᠤᠯᠠ ᠴᠠᠢ ᠢᠳᠡᠵᠦ ᠤᠤᠭᠤᠬᠤ ᠦᠭᠡᠢ᠂ ᠡᠪᠡᠳᠴᠢᠨ ᠡᠭᠡᠷᠡᠳᠡᠭ᠃
    12᠂ ᠬᠠᠶᠢᠴᠢᠨ ᠠᠮᠠ ᠠᠩᠭᠠᠶᠢᠯᠭᠠᠳᠠᠭ ᠦᠭᠡᠢ᠂ ᠭᠠᠷᠤᠵᠠ ᠭᠠᠷᠤᠨ᠎ᠠ᠃
    13᠂ ᠬᠢᠲᠤᠭ᠎ᠠ ᠮᠡᠰᠡ ᠬᠤᠭᠤᠯᠠ ᠴᠠᠢ ᠤᠷᠤᠭᠤ ᠲᠦᠷᠦᠳᠡᠭ ᠦᠭᠡᠢ᠂ ᠭᠠᠢ ᠳᠠᠭᠤᠳᠠᠳᠠᠭ᠃
    14᠂ ᠴᠢᠯᠠᠭᠤ ᠬᠦᠨᠳᠡᠳᠡᠭ ᠦᠭᠡᠢ᠂ ᠪᠠᠶᠢᠷᠢᠨ ᠠᠴᠠ ᠪᠠᠨ  ᠬᠦᠳᠡᠯᠦᠭᠰᠡᠨ ᠴᠢᠯᠠᠭᠤ ᠭᠤᠷᠪᠠᠨ ᠵᠢᠯ ᠪᠠᠶᠢᠷᠢᠨ ᠳᠠᠭᠠᠨ ᠡᠷᠭᠢᠵᠦ ᠪᠠᠭᠲᠠᠲᠠᠭ ᠦᠭᠡᠢ᠃
    15᠂ ᠱᠠᠭ᠎ᠠ ᠭᠡᠭᠡᠷ᠎ᠡ ᠬᠠᠶᠠᠳᠠᠭ ᠦᠭᠡᠢ᠂ ᠬᠠᠶᠠᠭᠰᠠᠨ ᠬᠦᠮᠦᠨ ᠭᠤᠷᠪᠠᠨ ᠵᠢᠯ ᠬᠠᠷᠠᠭᠤᠯᠳᠠᠭ᠃
    16᠂ ᠦᠷᠦᠭᠡᠰᠦᠨ ᠭᠤᠲᠤᠯ᠂ ᠦᠢᠮᠦᠰᠦ ᠲᠠᠢ ᠬᠤᠭᠤᠯᠠ ᠴᠠᠢ ᠢᠳᠡᠵᠦ ᠤᠤᠭᠤᠬᠤ ᠦᠭᠡᠢ᠂ ᠪᠡᠷᠢ ᠬᠤᠯᠠᠭᠠᠶᠢᠴᠢ ᠪᠤᠯᠳᠠᠭ᠃
    17᠂ ᠪᠤᠷᠤᠭᠤ ᠪᠤᠶᠤ ᠵᠡᠭᠦᠨ ᠭᠠᠷ  ᠬᠦᠮᠦᠨ ᠳᠤ ᠶᠠᠭᠤᠮ᠎ᠠ ᠦᠭᠳᠡᠭ ᠦᠭᠡᠢ᠂ ᠰᠠᠯᠭ᠎ᠠ ᠪᠤᠯᠳᠠᠭ᠃
    18᠂ ᠠᠶᠠᠭ᠎ᠠ ᠪᠤᠷᠤᠭᠤ ᠪᠠᠷᠢᠳᠠᠭ ᠦᠭᠡᠢ᠂ ᠮᠠᠭᠤ ᠢᠷᠸ᠎ᠠ᠃
    19᠂ ᠮᠠᠯᠠᠭᠠᠢ ᠪᠤᠷᠤᠭᠤ ᠬᠠᠷᠠᠭᠤᠯᠵᠦ ᠦᠮᠦᠰᠳᠡᠭ ᠦᠭᠡᠢ᠂ ᠶᠠᠰᠤ ᠪᠠᠷᠢᠬᠤ ᠬᠦᠮᠦᠨ ᠡᠮᠦᠰᠳᠡᠭ᠃
    20᠂ ᠬᠠᠨᠴᠤᠢ ᠰᠢᠮᠠᠯᠠᠳᠠᠭ ᠦᠭᠡᠢ᠂ ᠠᠮᠢᠲᠠᠨ ᠠᠮᠢ ᠲᠠᠰᠤᠯᠳᠠᠭ ᠬᠦᠮᠦᠨ ᠰᠢᠮᠠᠯᠠᠳᠠᠭ᠃
    21᠂ ᠳᠡᠪᠡᠯ ᠬᠤᠷᠮᠤᠢ ᠰᠢᠭᠤᠳᠠᠭ ᠦᠭᠡᠢ᠂ ᠨᠠᠰᠤ ᠪᠠᠷᠠᠭᠰᠠᠨ ᠬᠦᠮᠦᠨ ᠳᠡᠭᠡᠷ᠎ᠡ ᠤᠷᠤᠬᠤ ᠬᠦᠮᠦᠨ ᠬᠤᠷᠮᠤᠢ ᠰᠢᠭᠤᠳᠠᠭ᠃
    22᠂ ᠭᠡᠷ ᠠᠴᠠ ᠲᠤᠬᠤᠯᠯᠠᠯᠳᠠᠭ ᠦᠭᠡᠢ᠂ ᠭᠡᠷ ᠰᠦᠯᠲᠡ ᠵᠠᠶᠢᠯᠠᠳᠠᠭ᠃
    23᠂ ᠲᠤᠯᠭᠠᠨ ᠳᠡᠭᠡᠭᠦᠷ ᠠᠯᠬᠤᠳᠠᠭ ᠦᠭᠡᠢ᠂ ᠭᠠᠢ ᠳᠠᠭᠤᠳᠠᠳᠠᠭ᠃
    24᠂ ᠡᠷᠡᠭᠡᠢ ᠬᠤᠷᠤᠭᠤ ᠡᠮᠬᠦᠳᠡᠭ ᠦᠭᠡᠢ᠂ ᠠᠪᠦ ᠨᠢ ᠦᠬᠦᠳᠡᠭ᠃
    25᠂ ᠲᠠᠩᠨᠠᠢ ᠲᠠᠰᠢᠳᠠᠭ ᠦᠭᠡᠢ᠂ ᠬᠡᠷᠡᠭᠦᠯ ᠲᠡᠮᠡᠴᠡᠯ ᠳᠠᠭᠤᠳᠠᠳᠠᠭ᠃
    26᠂ ᠱᠤᠭᠰᠢᠷᠠᠳᠠᠭ ᠦᠭᠡᠢ᠂ ᠬᠤᠭᠤᠰᠤᠷᠠᠳᠠᠭ᠃
    27᠂ ᠦᠳᠡᠰᠢ ᠪᠦᠷᠦᠢ ᠪᠠᠷ ᠵᠤᠤᠬᠠᠨ ᠠᠴᠠ ᠴᠤᠴᠢᠯ ᠭᠠᠷᠭᠠᠳᠠᠭ ᠦᠭᠡᠢ᠂ ᠮᠠᠭᠤ ᠶᠠᠭᠤᠮ᠎ᠠ ᠳᠠᠭᠤᠳᠠᠳᠠᠭ᠃
    28᠂ ᠬᠢᠳᠤᠭᠠᠨ ᠢᠷ ᠲᠤᠯᠢᠶᠠᠳᠠᠭ ᠦᠭᠡᠢ᠂ ᠦᠬᠦᠯ ᠳᠠᠭᠤᠳᠠᠳᠠᠭ᠃
    29᠂ ᠲᠤᠭᠤᠨᠤ ᠪᠠᠷ ᠱᠠᠭᠠᠶᠢᠳᠠᠭ ᠦᠭᠡᠢ᠂ ᠲᠡᠭᠷᠢ ᠬᠢᠯᠢᠩᠨᠡᠳᠡᠭ᠃
    30᠂ ᠬᠠᠭᠠᠯᠭ᠎ᠠ ᠤᠬᠤᠷᠢᠵᠤ ᠭᠠᠷᠳᠠᠭ ᠦᠭᠡᠢ᠂ ᠪᠤᠷᠬᠠᠨ ᠪᠤᠯᠤᠭᠴᠢ ᠠᠪᠴᠤ ᠭᠠᠷᠬᠤ ᠳᠤ ᠤᠬᠤᠷᠢᠵᠤ ᠭᠠᠷᠳᠠᠭ᠃
    31᠂ ᠭᠠᠯ ᠤᠷᠤᠭᠤ ᠨᠢᠯᠪᠤᠳᠠᠭ ᠦᠭᠡᠢ᠂ ᠭᠠᠯ ᠪᠤᠷᠬᠠᠨ ᠲᠤᠭᠰᠢᠷᠠᠳᠠᠭ᠃
    32᠂ ᠭᠤᠤᠯ ᠤᠰᠤᠨ ᠳᠤ ᠰᠦ᠂ ᠴᠢᠰᠤ ᠲᠤᠰᠤᠭᠠᠳᠠᠭ ᠦᠭᠡᠢ᠂ ᠯᠤᠤᠰ ᠲᠤᠭᠰᠢᠷᠠᠳᠠᠭ᠃
    33᠂ ᠨᠤᠶᠢᠲᠠᠨ ᠮᠤᠳᠤ ᠤᠭᠲᠤᠯᠳᠠᠭ ᠦᠭᠡᠢ᠂ ᠯᠤᠤᠰ ᠬᠤᠤᠷᠯᠠᠯ ᠪᠤᠯᠳᠠᠭ᠃

ᠵᠣᠬᠢᠶᠠᠭᠴᠢ : ᠮᠠᠨᠳᠦᠯ᠎ᠠ

ᠢᠷᠡᠯᠲᠡ : ᠡᠵᠡᠨ ᠬᠤᠷᠤᠭ᠎ᠠ ᠬᠤᠰᠢᠭᠤᠨ ᠠᠷᠠᠳ ᠪᠠᠶᠢᠴᠠᠭᠠᠬᠤ ᠬᠣᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.