ᠪᠡᠶᠠᠨᠵᠢᠷᠦᠬᠡ ᠣᠪᠣᠬ᠋ᠠ ᠮᠢᠨᠢ
2015-11-30 11:34:28
ᠪᠡᠷᠠᠭᠤᠨ ᠵᠡᠬᠦᠨ ᠠᠷᠣ
ᠪᠡᠶᠢᠭᠠᠯᠢ ᠦᠵᠡᠮᠵᠢ ᠪᠣᠯᠣᠬᠰᠠᠨ
ᠪᠠᠬ᠋ᠠ ᠶᠡᠭᠡ ᠣᠯᠠᠨ ᠪᠠᠨ
ᠪᠡᠶᠢᠩᠭᠤ ᠰᠢᠳᠦᠬᠡᠨ ᠪᠣᠯᠣᠬᠰᠠᠨ
ᠪᠨᠶᠠᠨᠵᠢᠷᠦᠬᠡ ᠣᠪᠣᠬ᠋ᠠ ᠮᠢᠨᠢ
ᠪᠠᠭ᠋ᠠᠷᠣᠯ ᠣᠮᠣᠬᠰᠢᠯ ᠢ ᠲᠦᠷᠦᠬᠦᠯᠦᠨᠡᠮ
ᠪᠡᠶᠢᠮᠠ ᠬᠤᠯᠠ ᠬ᠋ᠠᠵᠠᠷ ᠠᠴᠠ
ᠪᠡᠶᠠᠰᠣᠯ ᠣᠷᠮᠡᠰᠢᠯ ᠢ ᠲᠠᠳᠠᠨᠠᠮ
ᠣᠩᠭᠤᠨ ᠲᠠᠷᠬᠤᠨ ᠴᠣᠬᠴᠠᠰ
ᠡᠯᠡᠰᠦᠨ ᠬ᠋ᠠᠨᠵᠣᠷᠠ ᠪᠠᠷ ᠬᠤᠴᠢᠬᠰᠠᠨ
ᠣᠭ᠍ᠶᠣ ᠨᠣᠭᠤᠭᠠᠨ ᠬᠤᠷᠮᠣᠢ ᠪᠠᠨ
ᠡᠷᠳᠡᠨᠢ ᠰᠦᠷᠦᠭ ᠴᠢᠮᠡᠭᠰᠡᠨ
ᠬ᠋ᠠᠩᠭᠠᠩ ᠬ᠋ᠤᠶᠣ ᠲᠦᠷᠬᠦ ᠪᠠᠷ
ᠲᠠᠶᠠᠭᠠᠷ ᠲᠤ ᠰᠠᠶᠢᠰᠢᠶᠠᠬᠳᠠᠬᠰᠠᠨ ᠣᠪᠣᠬ᠋ᠠ ᠪᠡᠶᠢᠨᠠ
ᠬ᠋ᠠᠩ ᠦᠬᠡᠢ ᠦᠩ
ᠲᠠᠶᠠᠩ ᠳᠤ ᠠᠯᠳᠠᠷᠰᠢᠬᠰᠠᠨ ᠬᠠᠶᠢᠷᠬᠠᠨ ᠪᠡᠶᠢᠨᠠ
ᠵᠢᠷᠬᠢᠨ ᠳᠣᠩᠭᠤᠳᠬᠤ ᠵᠢᠬᠦᠷᠳᠡᠨ
ᠡᠬᠡᠰᠢᠭ ᠡᠷᠬᠦᠨ ᠲᠡᠪᠳᠡᠷᠢᠭᠰᠡᠨ
ᠵᠡᠷᠯᠢᠭ ᠲᠣᠬᠰᠢᠨ ᠠᠷᠢᠶᠠᠳᠠᠨ
ᠡᠰᠢ ᠲᠡᠰᠢ ᠰᠦᠯᠵᠢᠯᠳᠦᠭᠰᠡᠨ
ᠪᠡᠶᠢᠷᠢᠰᠢᠯ ᠣᠷᠣᠨᠰᠢᠯ ᠦᠬᠡᠷᠡ
ᠰᠦᠰᠦᠭ ᠲᠦᠷᠦᠬᠦᠯᠦᠭᠰᠡᠨ ᠣᠪᠣᠬ᠋ᠠ ᠪᠡᠶᠢᠨᠠ
ᠪᠡᠶᠢᠳᠠᠯ ᠲᠦᠷᠦᠭᠳᠡᠯ ᠣᠨᠳᠣᠣ
ᠰᠦᠬᠦᠳᠦᠵᠣ ᠮᠦᠷᠬᠦᠬᠦᠯᠦᠭᠰᠡᠨ ᠬᠠᠶᠢᠷᠬᠠᠨ ᠪᠡᠶᠢᠨᠠ
ᠵᠣᠭᠠᠴᠠᠨ ᠲᠣᠭᠤᠷᠢᠬᠤ ᠬᠦᠮᠦᠰ
ᠪᠡᠭᠤᠳᠠᠯ ᠲᠦᠬᠦᠷᠳᠡᠯᠡ ᠬᠤᠷᠠᠬᠰᠠᠨ
ᠵᠢᠷᠤᠬ ᠠᠳᠠᠯᠢ ᠪᠡᠶᠢᠭᠠᠯᠢ ᠳᠤᠨᠢ
ᠪᠣᠴᠠᠬᠤ ᠪᠠᠨ ᠮᠠᠷᠳᠠᠨ ᠬᠤᠷᠭᠤᠳᠠᠬᠰᠠᠨ
ᠪᠣᠭᠤᠷᠣᠯ ᠲᠡᠣᠬᠡ ᠲᠠᠢ ᠬᠡᠰᠢᠭᠳᠡᠨ ᠳᠡᠭᠡᠨ
ᠦᠨᠳᠦᠷ ᠪᠡᠶᠢᠷᠢ ᠲᠠᠢ ᠣᠪᠣᠬ᠋ᠠ ᠪᠡᠶᠢᠨᠠ
ᠪᠦᠪᠨᠶᠢᠯᠡᠵᠣ ᠦᠯᠦᠬᠡᠶᠢᠳᠡᠭᠰᠡᠨ ᠠᠷᠠᠳ ᠲᠠᠭᠠᠨ
ᠦᠮᠦᠭ ᠲᠦᠰᠢᠭ ᠬᠠᠶᠢᠷᠬᠠᠨ ᠪᠡᠶᠢᠨᠠ
ᠬᠤᠷ ᠠ ᠠᠷᠢᠭᠤᠨ ᠡᠬᠦᠯᠡ
ᠡᠭᠴᠡ ᠣᠷᠬᠢᠯ ᠳᠤᠨᠢ ᠬᠦᠪᠪᠦᠯᠵᠡᠭᠰᠡᠨ
ᠬᠤᠷᠣ ᠠ ᠠᠩᠬᠢᠯᠣᠮᠡᠯ ᠴᠡᠴᠡᠭ
ᠡᠩᠬᠡᠷ ᠪᠨᠯ ᠳᠤᠨᠢ ᠰᠣᠯᠣᠩᠭᠠᠷᠠᠬᠰᠠᠨ
ᠠᠮᠢᠳᠠᠨ ᠬᠦᠮᠦᠨ ᠳᠤ ᠲᠠᠭᠠᠯᠠᠬᠳᠠᠬᠰᠠᠨ
ᠠᠰᠢᠳᠠ ᠲᠠᠷᠬᠠᠨ ᠣᠪᠣᠬ᠋ᠠ ᠪᠡᠶᠢᠨᠠ
ᠠᠯᠢᠪᠠ ᠬᠦᠰᠡᠯ ᠢ ᠬᠠᠩᠭᠠᠬᠰᠠᠨ
ᠠᠮᠣᠭᠤᠯᠠᠩ ᠲᠠᠶᠢᠪᠣᠩ ᠬᠠᠶᠢᠷᠬᠠᠨ ᠪᠡᠶᠢᠨᠠ
ᠠᠳᠡᠬᠢ ᠮᠠᠯᠴᠢᠨ ᠮᠣᠩᠭᠤᠯᠴᠣᠳ
ᠡᠷᠳᠡᠨ ᠠᠴᠠ ᠵᠠᠯᠭᠠᠮᠵᠢᠯᠠᠨ ᠲᠠᠬᠢᠬᠰᠠᠨ
ᠡᠯᠢᠬᠡ ᠪᠦᠳᠦᠨ ᠠᠮᠢᠳᠣᠷᠠᠯ
ᠡᠬᠡᠨᠡᠭᠳᠡ ᠵᠠᠯᠪᠡᠷᠢᠨ ᠲᠠᠭᠠᠳᠬᠠᠬᠰᠠᠨ
ᠬᠤᠩᠬᠢᠷᠠᠳ ᠠᠶᠢᠮᠠᠬ ᠨᠣᠳᠤᠬ ᠲᠤ
ᠪᠨᠯᠬᠡᠳᠡᠯ ᠪᠣᠯᠣᠬᠰᠠᠨ ᠣᠪᠣᠬ᠋ᠠ ᠪᠡᠶᠢᠨᠠ
ᠬᠤᠷᠢᠬ᠋ᠠ ᠴᠠᠭᠠᠵᠠᠳᠣ ᠣᠷᠣᠨ ᠳᠤ
ᠪᠠᠬᠢᠯᠡᠯᠳᠡ ᠪᠣᠯᠣᠬᠰᠠᠨ ᠬᠠᠶᠢᠷᠬᠠᠨ ᠪᠡᠶᠢᠨᠠ
ᠪᠡᠷᠠᠭᠤᠨ ᠵᠡᠬᠦᠨ ᠠᠷᠣ
ᠪᠡᠶᠢᠭᠠᠯᠢ ᠦᠵᠡᠮᠵᠢ ᠪᠣᠯᠣᠬᠰᠠᠨ
ᠪᠠᠬ᠋ᠠ ᠶᠡᠭᠡ ᠣᠯᠠᠨ ᠪᠠᠨ
ᠪᠡᠶᠢᠩᠭᠤ ᠰᠢᠳᠦᠬᠡᠨ ᠪᠣᠯᠣᠬᠰᠠᠨ
ᠪᠡᠶᠠᠨᠵᠢᠷᠦᠬᠡ ᠣᠪᠣᠬ᠋ᠠ ᠮᠢᠨᠢ
ᠪᠠᠭ᠋ᠠᠷᠣᠯ ᠣᠮᠣᠬᠰᠢᠯ ᠢ ᠲᠦᠷᠦᠬᠦᠯᠦᠨᠡᠮ
ᠪᠡᠶᠢᠮᠠ ᠬᠤᠯᠠ ᠬ᠋ᠠᠵᠠᠷ ᠠᠴᠠ
ᠪᠡᠶᠠᠰᠣᠯ ᠣᠷᠮᠠᠰᠢᠯ ᠢ ᠲᠠᠳᠠᠨᠠᠮ᠃