ᠮᠠᠨᠳᠣᠬᠠᠢ
2015-11-30 11:39:24
ᠮᠠᠨᠳᠣᠨᠠ ᠭᠡᠰᠡᠨ ᠢᠳᠡᠭᠡᠯ — ᠮᠠᠨᠳᠣᠬᠠᠢ
ᠮᠠᠨᠳᠣᠶᠠ ᠭᠡᠰᠡᠨ ᠵᠣᠷᠢᠭ — ᠮᠠᠨᠳᠣᠬᠠᠢ
ᠮᠠᠨᠳᠣᠳᠣᠭᠠᠢ ᠭᠡᠰᠡᠨ ᠬᠦᠰᠡᠯ — ᠮᠠᠨᠳᠣᠬᠠᠢ
ᠮᠠᠨᠳᠣᠭᠠᠷᠠᠢ ᠭᠡᠰᠡᠨ ᠢᠷᠣᠭᠡᠯ — ᠮᠠᠨᠳᠣᠬᠠᠢ
ᠬᠠᠵᠠᠶᠢᠭᠰᠠᠨ ᠲᠡᠣᠬᠡ ᠬᠦᠷᠳᠣ
ᠲᠣᠯᠵᠦ ᠪᠣᠰᠣᠭᠰᠠᠨ ᠣᠮᠤᠭ
ᠬᠠᠩᠵᠠᠷᠠᠭᠰᠠᠨ ᠲᠦᠷᠦ ᠵᠦᠢᠳᠡᠭᠡᠰᠣ
ᠲᠣᠪᠬᠢᠵᠦ ᠨᠡᠶᠢᠯᠡᠭᠦᠯᠦᠭᠰᠡᠨ ᠲᠤᠭ
ᠡᠬᠡ ᠣᠳᠣᠮ ᠡᠷᠴᠢ
ᠡᠷᠡᠨ ᠲᠠᠭᠤᠷᠢᠰᠬᠠᠭᠤᠯᠣᠭᠰᠠᠨ ᠠᠯᠳᠠᠷ
ᠠᠯᠳᠠᠨ ᠣᠷᠣᠭᠳᠠᠨ ᠬᠡᠶᠢᠮᠣᠷᠢ
ᠭᠠᠵᠠᠷ ᠰᠢᠷᠦᠶᠢᠳᠠᠭᠤᠯᠬᠤ ᠦᠭᠡᠢ ᠰᠦᠰᠣ
ᠬᠤᠧᠨ ᠮᠠᠷᠠᠯ ᠴᠢᠰᠣᠨ ᠠᠴᠠ ᠡᠰᠡᠨᠢᠭᠰᠡᠨ
ᠬᠤᠷᠴᠨ ᠢᠷᠳᠣ ᠮᠡᠰᠨ
ᠠᠯᠣᠨ ᠡᠬᠡ ᠬᠦᠨ ᠣᠬᠠᠭᠠᠨ ᠠᠴᠠ ᠣᠷᠭᠤᠭᠰᠠᠨ
ᠠᠯᠳᠠᠨ ᠯᠢᠩᠬᠤᠠ ᠴᠡᠴᠡᠭ
ᠮᠠᠨᠳᠣᠬᠠᠢ — —
ᠮᠠᠨᠳᠣᠭᠤᠯ ᠬᠠᠭᠠᠨ ᠬᠤᠴᠣᠷᠭᠠᠭᠰᠠᠨ
ᠮᠠᠨᠳᠣᠭᠤᠯᠳᠣᠭᠠᠢ ᠭᠡᠰᠡᠨ ᠬᠢᠷᠢᠶᠡᠰ
ᠮᠣᠩᠭᠤᠯ ᠲᠣᠭᠤᠷᠭᠠᠳᠠᠨ ᠠᠯᠳᠠᠨ ᠲᠣᠯᠭᠠ ᠳᠤ
ᠮᠦᠩᠬᠡ ᠭᠠᠯ ᠮᠠᠨᠠᠭᠰᠠᠨ ᠠᠷᠢᠭᠤᠨ ᠳ᠋ᠠᠷᠠ︕