

2021-12-15 16:14:44


ᠨᠠᠢᠮᠠᠨ  ᠬᠠᠨ᠎ᠠ ᠲᠠᠢ ᠮᠣᠩᠭᠤᠯ ᠭᠡᠷ ᠮᠢᠨᠢ

ᠨᠤᠭᠤᠷᠠᠰᠢ  ᠦᠭᠡᠢ  ᠨᠤᠶᠠᠨ  ᠨᠢᠷᠤᠭᠤ  ᠠᠪᠤ  ᠮᠢᠨᠢ

ᠠᠭᠤᠤᠬᠠᠨ  ᠮᠦᠷᠲᠡᠭᠡᠨ  ᠡᠮᠵᠢᠭ ᠦᠭᠡᠢ  ᠡᠭᠡᠯᠬᠡᠨ  ᠬᠠᠶᠢᠷ᠎ᠠ  ᠲᠠᠨᠢ

ᠠᠮᠢᠳᠤᠷᠠᠯ ᠮᠢᠨᠢ ᠠᠯᠲᠠᠨ ᠭᠠᠳᠠᠰᠤ  ᠰᠢᠤ  ᠳ᠋ᠠ᠃

 

ᠠᠰᠬ᠎ᠠ  ᠰᠢᠭ᠋ ᠰᠡᠬᠦᠶᠢᠭᠰᠡᠨ ᠠᠪᠤ

ᠠᠷᠢᠭᠤᠨ  ᠳᠤᠯᠠᠭᠠᠨ  ᠬᠠᠶᠢᠷ᠎ᠠ  ᠳᠤ ᠨᠢ ᠮᠦᠷᠦ ᠪᠦᠲᠦᠨ ᠥᠰᠦᠯ᠎ᠡ

ᠠᠯᠬᠤᠬᠤ  ᠪᠦᠷᠢ ᠳᠤ  ᠮᠢᠨᠢ  ᠵᠢᠷᠦᠬᠡᠨ ᠠᠴᠠ ᠲᠦᠰᠢᠳᠡᠭ ᠬᠠᠶᠢᠷ᠎ᠠ ᠲᠠᠨᠢ

ᠠᠮᠢᠳᠤᠷᠠᠯ ᠦᠢᠯᠡᠰ ᠠᠯᠲᠠᠨ ᠬᠠᠷᠭᠤᠢ ᠮᠢᠨᠢ ᠴᠠᠮᠬᠠᠭ ᠰᠢᠭ  ᠭᠡᠷᠡᠯᠲᠦᠭᠦᠯᠦᠯ᠎ᠡ᠃

 

ᠲᠣᠭᠤᠨᠣᠲᠤ ᠴᠠᠭᠠᠨ  ᠭᠡᠷ ᠮᠢᠨᠢ ᠬᠤᠶᠢᠮᠤᠷ ᠰᠠᠭᠤᠳᠠᠯ ᠡᠵᠡᠨ

ᠲᠤᠯᠭ᠎ᠠ  ᠪᠦᠲᠦᠨ ᠠᠮᠢᠳᠤᠷᠠᠯ ᠮᠠᠨᠢ  ᠬᠠᠳᠠᠨ ᠪᠠᠲᠤ  ᠲᠦᠰᠢᠭ

ᠡᠭᠦᠯᠡ ᠲᠠᠢ ᠨᠠᠷᠠ ᠲᠠᠢ ᠠᠮᠢᠳᠤᠷᠠᠯ ᠮᠢᠨᠢ

ᠦᠷᠦᠴᠡᠨ ᠳᠤ ᠲᠤᠯᠠᠭᠠᠨ ᠢᠯᠴᠢ ᠨᠢ ᠶᠤᠮ᠃

 

ᠦᠪᠡᠷ ᠲᠤ ᠮᠢᠨᠢ ᠭᠡᠷᠡᠯ ᠭᠡᠭᠡ  ᠬᠡᠵᠢᠶ᠎ᠡ ᠴᠦ  ᠬᠠᠷᠠᠮᠨᠠᠭ᠎ᠠ ᠦᠭᠡᠢ

ᠥᠭᠭᠢᠶᠡᠮᠦᠷ ᠶᠡᠭᠡ ᠬᠠᠶᠢᠷ᠎ᠠ ᠳᠤ ᠲᠠᠨᠢ  ᠪᠠᠶᠠᠷᠯᠠᠯ᠎ᠠ

ᠵᠢᠮᠡᠯᠡᠳᠡᠭ  ᠵᠠᠩᠨᠠᠳᠠᠭ ᠠᠲᠠᠯ᠎ᠠ ᠪᠠᠨ ᠲᠦᠰᠢᠵᠤ  ᠲᠡᠮᠨᠡᠵᠦ ᠶᠠᠪᠤᠳᠠᠭ

ᠳᠡᠩᠳᠡᠭᠦᠦ  ᠦᠨᠳᠦᠷ ᠠᠴᠢ ᠳᠤ ᠲᠠᠨᠢ ᠪᠠᠶᠠᠷᠯᠠᠯ᠎ᠠ᠃

 

ᠵᠣᠬᠢᠶᠠᠭᠴᠢ : ᠦᠵᠡᠰᠬᠦᠯᠡᠩ

ᠢᠷᠡᠯᠲᠡ : ᠬᠦᠯᠦᠨ ᠪᠤᠶᠢᠷ ᠬᠤᠲᠠ ᠵᠢᠨ ᠡᠸᠡᠩᠬᠢ ᠦᠨᠳᠦᠰᠦᠲᠡᠨ ᠦᠪᠡᠷᠲᠡᠭᠡᠨ ᠵᠠᠰᠠᠬᠤ ᠬᠤᠰᠢᠭᠤᠨ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.