ᠴᠢᠩ ᠱᠦᠶ ᠾᠧ ᠰᠢᠶᠠᠨ  ᠪᠠᠶᠢᠴᠠᠭᠠᠬᠤ ᠬᠣᠷᠢᠶ᠎ᠠ ᠪᠣᠯᠤᠨ ᠰᠢᠶᠠᠨ  ᠰᠢᠭᠦᠬᠦ ᠬᠣᠷᠢᠶ᠎ᠠ ᠂ ᠰᠢᠶᠠᠨ  ᠳᠣᠲᠣᠭᠠᠳᠤ   ᠬᠠᠮᠠᠭᠠᠯᠠᠬᠤ ᠲᠣᠪᠴᠢᠶ᠎ᠠ ᠂ ᠰᠢᠶᠠᠨ  ᠬᠠᠤᠯᠢ ᠴᠠᠭᠠᠵᠠ   ᠢᠨ ᠲᠣᠪᠴᠢᠶ᠎ᠠ ᠡᠷᠡᠭᠦᠦ   ᠢᠨ ᠬᠡᠷᠡᠭ  ᠲᠦᠪᠡᠭᠲᠡᠶ ᠬᠡᠷᠡᠭ ᠪᠠ ᠳᠥᠭᠥᠮ ᠬᠡᠷᠡᠭ   ᠢ ᠰᠠᠯᠭᠠᠬᠤ ᠠᠵᠢᠯ   ᠢ ᠪᠦᠬᠦ ᠲᠠᠯ᠎ᠠ ᠪᠠᠷ ᠬᠠᠮᠵᠢᠯᠴᠠᠨ ᠠᠬᠢᠭᠤᠯᠬᠤ ᠨᠠᠷᠢᠨ ᠳᠦᠷᠢᠮ ᠲᠤᠬᠠᠶ ᠬᠠᠮᠲᠤᠷᠠᠨ ᠭᠠᠷ ᠦᠰᠦᠭ ᠵᠢᠷᠤᠪᠠ

2024-04-15 11:14:21

 
       ᠴᠢᠩ ᠱᠦᠢ ᠾᠧ ᠰᠢᠶᠠᠨ  ᠠᠷᠠᠳ  ᠪᠠᠶᠢᠴᠠᠭᠠᠬᠤ ᠬᠣᠷᠢᠶ᠎ᠠ᠂ ᠠᠷᠠᠳ  ᠳᠡᠭᠡᠳᠦ ᠪᠠᠶᠢᠴᠠᠭᠠᠬᠤ ᠬᠣᠷᠢᠶᠠᠨ 《ᠬᠡᠷᠡᠭ ᠨᠢᠭᠡᠪᠦᠷᠢ  ᠢ ᠴᠢᠨᠠᠷ ᠰᠠᠶᠢᠲᠠᠶ᠂ ᠦᠷ᠎ᠡ ᠪᠦᠲᠦᠮᠵᠢᠲᠡᠶ ᠰᠠᠶᠢᠲᠤᠷ ᠰᠢᠶᠳᠪᠦᠷᠢᠯᠡᠬᠦ》 ᠪᠡᠷ ᠦᠨᠳᠦᠰᠦᠨ ᠦᠷᠳᠡᠭ  ᠬᠥᠭᠡᠭᠡᠴᠡᠯᠳᠦᠯ ᠪᠣᠯᠭᠠᠵᠤ᠂ ᠲᠤᠰ ᠬᠣᠷᠢᠶᠠᠨ   ᠪᠣᠳᠠᠲᠤ ᠪᠠᠶᠢᠳᠠᠯ ᠲᠠᠶ ᠤᠶᠠᠯᠳᠤᠭᠤᠯᠤᠨ᠂ 《ᠲᠦᠷᠪᠡᠨ ᠶᠡᠬᠡ  ᠪᠠᠶᠢᠴᠠᠭᠠᠬᠤ  ᠢᠨ ᠲᠦᠪᠡᠭᠲᠡᠶ ᠬᠡᠷᠡᠭ  ᠪᠠ ᠳᠥᠭᠥᠮ  ᠬᠡᠷᠡᠭ᠂ ᠬᠦᠨᠳᠦ ᠬᠦᠨᠭᠭᠡᠨ᠂ ᠲᠦᠷᠭᠡᠨ ᠤᠳᠠᠭᠠᠨ  ᠢ ᠢᠯᠭᠠᠬᠤ    ᠦᠨᠳᠦᠰᠦᠯᠡᠨ᠂ ᠪᠠᠷᠢᠮᠵᠢᠶ᠎ᠠ ᠪᠠ ᠶᠠᠪᠤᠴᠠ   ᠢᠳᠡᠪᠬᠢᠲᠡᠶ  ᠬᠠᠶᠢᠨ ᠰᠦᠪᠡᠭᠴᠢᠯᠡᠵᠦ᠂ ᠰᠢᠶᠠᠨ  ᠰᠢᠭᠦᠬᠦ ᠬᠣᠷᠢᠶ᠎ᠠ᠂ ᠰᠢᠶᠠᠨ  ᠳᠣᠲᠣᠭᠠᠳᠤ   ᠬᠠᠮᠠᠭᠠᠯᠠᠬᠤ ᠲᠣᠪᠴᠢᠶ᠎ᠠ᠂ ᠰᠢᠶᠠᠨ  ᠬᠠᠤᠯᠢ ᠴᠠᠭᠠᠵᠠ ᠢᠨ ᠲᠣᠪᠴᠢᠶ᠎ᠠ ᠲᠠᠶ ᠬᠠᠮᠲᠤᠷᠠᠨ 《ᠡᠷᠡᠭᠦᠦ  ᠢᠨ ᠬᠡᠷᠡᠭ  ᠲᠦᠪᠡᠭᠲᠡᠶ ᠬᠡᠷᠡᠭ ᠪᠠ ᠳᠥᠭᠥᠮ  ᠬᠡᠷᠡᠭ  ᠢ ᠰᠠᠯᠭᠠᠬᠤ ᠠᠵᠢᠯ  ᠢ ᠪᠦᠬᠦ ᠲᠠᠯ᠎ᠠ ᠪᠠᠷ ᠬᠠᠮᠵᠢᠯᠴᠠᠨ ᠠᠬᠢᠭᠤᠯᠬᠤ ᠲᠤᠬᠠᠶ ᠨᠠᠷᠢᠨ ᠲᠦᠷᠢᠮ (ᠲᠤᠷᠰᠢᠨ ᠬᠡᠷᠡᠭᠵᠢᠭᠦᠯᠬᠦ)》 (ᠳᠣᠷᠣᠭᠰᠢ 《ᠨᠠᠷᠢᠨ ᠲᠦᠷᠢᠮ》 ᠭᠡᠵᠦ ᠲᠣᠪᠴᠢᠯᠠᠨ᠎ᠠ) ᠲᠣᠭᠲᠠᠭᠠᠵᠤ᠂ ᠬᠡᠷᠡᠭ  ᠢ ᠰᠠᠯᠭᠠᠨ ᠰᠢᠶᠳᠪᠦᠷᠢᠯᠡᠬᠦ  ᠳᠤᠰᠭᠠᠢᠵᠢᠯᠠᠨ  ᠲᠡᠭᠦᠯᠳᠡᠷᠵᠢᠭᠦᠯᠵᠦ ᠂ ᠬᠡᠷᠡᠭ  ᠢ  ᠰᠠᠯᠭᠠᠨ ᠰᠢᠶᠳᠪᠦᠷᠢᠯᠡᠬᠦ ᠲᠣᠭᠲᠠᠴᠠ  ᠨᠠᠷᠢᠯᠢᠬᠵᠢᠭᠤᠯᠬᠤ᠂   ᠬᠡᠷᠡᠭ  ᠢ ᠳᠥᠭᠥᠮᠴᠢᠯᠡᠨ  ᠲᠦᠷᠭᠡᠨ ᠰᠢᠶᠳᠪᠦᠷᠢᠯᠡᠬᠦ ᠂ ᠲᠦᠪᠡᠭᠲᠡᠶ   ᠬᠡᠷᠡᠭ  ᠢ ᠨᠠᠷᠢᠨ ᠰᠢᠶᠳᠪᠦᠷᠢᠯᠡᠬᠦ    ᠠᠬᠢᠭᠤᠯᠦᠨ᠂ ᠬᠠᠤᠯᠢ  ᠴᠠᠭᠠᠵᠠ  ᠢᠨ ᠡᠬᠢ  ᠪᠠᠶᠠᠯᠢᠭ   ᠢ  ᠤᠯᠠᠮ  ᠨᠢᠭᠡ ᠠᠯᠬᠤᠮ  ᠲᠤᠬᠢᠷᠠᠭᠤᠯᠵᠦ᠂ ᠪᠠᠢᠴᠠᠭᠠᠬᠤ  ᠠᠵᠢᠯ ᠬᠡᠷᠡᠭ ᠰᠢᠶᠳᠪᠦᠷᠢᠯᠡᠬᠦ ᠠᠮᠢᠳᠤᠯᠢᠭ  ᠬᠦᠴᠦᠨ  ᠢ   ᠬᠥᠭ᠍ᠵᠢᠭᠦᠯᠵᠦ  ᠂  ᠬᠠᠤᠯᠢ   ᠴᠠᠭᠠᠵᠠ ᠢᠨ  ᠦᠢᠯᠡᠳᠦᠯ  ᠴᠢᠳᠠᠪᠦᠷᠢ  ᠢ ᠪᠥᠬᠥ  ᠲᠠᠯ᠎ᠠ  ᠪᠡᠷ᠎   ᠲᠡᠭᠡᠭ᠍ᠰᠢᠯᠡᠭᠦᠯᠦᠨ᠎ᠡ᠃

      ︽ ᠨᠠᠷᠢᠨ ᠲᠦᠷᠢᠮ ︾ ᠳ᠋ᠤ ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠬᠤ ᠦᠨᠳᠦᠰᠦᠨ ᠵᠠᠷᠴᠢᠮ  ᠢ ᠲᠣᠳᠣᠷᠬᠠᠶ ᠲᠣᠭᠲᠠᠭᠠᠵᠠᠶ ᠃    ᠲᠣᠰ ᠨᠠᠷᠢᠨ ᠲᠦᠷᠢᠮ  ᠳ᠋ᠦ ᠳᠣᠲᠣᠭᠠᠳᠤ   ᠬᠠᠮᠠᠭᠠᠯᠠᠬᠤ ᠂ ᠪᠠᠶᠢᠴᠠᠭᠠᠬᠤ ᠂ ᠰᠢᠭᠦᠬᠦ ᠂  ᠬᠠᠤᠯᠢ  ᠴᠠᠭᠠᠵᠠ  ᠢᠨ   ᠲᠣᠪᠴᠢᠶ᠎ᠠ  ᠵᠡᠷᠭᠡ ᠳᠥᠷᠪᠡᠨ ᠰᠠᠯᠠᠭ᠎ᠠ ᠮᠥᠴᠢᠷ ᠂  ᠡᠷᠡᠭᠦᠦ  ᠢᠨ ᠵᠠᠷᠭᠤ  ᠵᠢᠨ ᠡᠯ᠎ᠡ ᠭᠣᠭᠴᠣᠭᠠᠨ  ᠳ᠋ᠡᠬᠢ  ᠬᠡᠷᠡᠭ  ᠢ ᠰᠢᠶᠳᠪᠦᠷᠢᠯᠡᠬᠦ  ᠪᠣᠳᠠᠲᠠᠶ ᠵᠣᠯᠭᠠᠯᠴᠠᠭ᠎ᠠ  ᠭᠣᠣᠯᠳᠠᠯᠭ᠎ᠠ ᠲᠠᠶ ᠨᠠᠷᠢᠯᠢᠬᠵᠢᠭᠤᠯᠵᠤ ᠂ ᠢᠯᠭᠠᠨ ᠲᠠᠨᠢᠵᠤ ᠪᠣᠯᠬᠤ ᠂ ᠬᠡᠷᠡᠭᠵᠢᠭᠦᠯᠵᠦ ᠪᠣᠯᠬᠤᠶᠢᠴᠠ ᠴᠢᠨᠠᠷᠲᠠᠢ  ᠪᠥᠭᠡᠳ ᠪᠣᠳᠠᠲᠠᠶ ᠣᠨᠴᠠᠭᠠᠶ ᠬᠡᠷᠡᠭ ᠂ ᠣᠨᠴᠠᠭᠠᠶ ᠵᠢᠱᠢᠶ᠎ᠡ ᠪᠡᠷ ᠡᠩ  ᠪᠠᠷᠢᠮᠵᠢᠶ᠎ᠠ  ᠪᠤᠯᠭᠠᠬᠤ  ᠥᠬᠡᠶ   ᠪᠠᠢᠵᠦ᠂  ᠬᠡᠷᠡᠭᠯᠡᠬᠦ ᠬᠡᠪᠴᠢᠶᠡᠨ ᠳᠡᠬᠢ ᠬᠡᠷᠡᠭ  ᠂ ᠳᠥᠭᠥᠮ ᠳᠥᠲᠡ  ᠪᠣᠯ ᠳᠥᠭᠥᠮ ᠳᠥᠲᠡ᠂ ᠲᠦᠪᠡᠭᠲᠡᠢ ᠪᠣᠯ ᠲᠦᠪᠡᠭᠲᠡᠢ ᠪᠠᠶᠢᠬᠤ  ᠡᠷᠡᠰ ᠪᠡᠶᠡᠯᠡᠭᠦᠯᠵᠦ᠂  ᠢᠯᠡᠳᠭᠡᠨ  ᠲᠡᠮᠳᠡᠭ᠍ᠯᠡᠬᠦ   ᠵᠢᠷᠤᠮᠵᠢᠭᠤᠯᠵᠤ᠂ ᠬᠡᠪᠴᠢᠶᠡᠨ ᠳᠡᠬᠢ ᠬᠡᠷᠡᠭ  ᠢ ᠳᠥᠭᠥᠮ ᠳᠥᠲᠡ ᠪᠡᠷ ᠲᠦᠷᠭᠡᠨ ᠰᠢᠢᠳᠪᠦᠷᠢᠯᠡᠬᠦ᠂ ᠲᠦᠪᠡᠭᠲᠡᠢ ᠬᠡᠷᠡᠭ  ᠢ ᠨᠠᠷᠢᠯᠢᠭ ᠰᠢᠢᠳᠪᠦᠷᠢᠯᠡᠬᠦ   ᠪᠦᠲᠦᠮᠵᠢᠲᠡᠢ ᠠᠬᠢᠭᠤᠯᠵᠤ᠂ ᠲᠤᠷᠰᠢᠨ ᠪᠠᠶᠢᠴᠠᠭᠠᠬᠤ᠂ ᠡᠵᠡᠮᠳᠡᠬᠦ᠂ ᠰᠢᠭᠦᠬᠦ   ᠪᠦᠬᠦ ᠲᠠᠯ᠎ᠠ ᠪᠠᠷ ᠲᠦᠷᠭᠡᠳᠬᠡᠬᠦ   ᠪᠡᠶᠡᠯᠡᠭᠦᠯᠦᠨ᠎ᠡ︔ ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠨ ᠲᠣᠬᠢᠷᠠᠭᠤᠯᠬᠤ   ᠮᠠᠭᠠᠳᠯᠠᠨ ᠲᠣᠭᠲᠠᠭᠠᠬᠤ ᠪᠠᠷᠢᠮᠵᠢᠶ᠎ᠠ ᠲᠣᠳᠣᠷᠬᠠᠶ ᠪᠠᠶᠢᠵᠤ᠂ ᠬᠦᠷᠢᠶ᠎ᠡ ᠬᠡᠪᠴᠢᠶᠡᠨ  ᠬᠡᠷᠡᠭ  ᠲᠤ᠂ ᠠᠰᠠᠭᠤᠳᠠᠯ   ᠪᠠ ᠦᠷ᠎ᠡ ᠪᠦᠲᠦᠮᠵᠢ  ᠪᠡᠷ ᠤᠳᠤᠷᠢᠳᠤᠮᠵᠢ  ᠪᠣᠯᠭᠠᠬᠤ  ᠪᠠᠷᠢᠮᠲᠠᠯᠠᠵᠤ᠂ ᠲᠦᠪᠡᠭᠲᠡᠶ ᠬᠡᠷᠡᠭ  ᠪᠠᠷᠢᠮᠵᠢᠶ᠎ᠠ   ᠴᠢᠩᠭ᠎ᠠ ᠠᠳᠬᠤᠵᠤ᠂ ᠰᠢᠨᠵᠢᠯᠡᠬᠦ ᠤᠬᠠᠭᠠᠨᠴᠢ ᠪᠠᠷ ᠲᠥᠰᠦᠭᠡᠯᠡᠨ ᠪᠣᠳᠣᠵᠤ᠂ ᠬᠥᠳᠡᠯᠦᠩᠭᠦᠶ ᠪᠡᠷ ᠲᠣᠬᠢᠷᠠᠭᠤᠯᠤᠨ᠂ ᠲᠦᠪᠡᠭᠲᠡᠶ ᠬᠡᠷᠡᠭ ᠪᠠ ᠲᠥᠬᠥᠮ ᠬᠡᠷᠡᠭ  ᠬᠠᠷᠢᠴᠠᠯ  ᠢ ᠵᠣᠬᠢᠰᠲᠠᠶ ᠪᠠᠶᠢᠯᠭᠠᠬᠤ   ᠦᠨᠡᠨᠬᠦ ᠪᠠᠲᠤᠯᠠᠪᠠ᠃ 
     ︽ᠨᠠᠷᠢᠨ ᠲᠦᠷᠢᠮ ︾ ᠳ᠋ᠤ  ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠨ ᠲᠣᠬᠢᠷᠠᠭᠤᠯᠬᠤ  ᠳ᠋ᠦ ᠬᠡᠷᠡᠭᠯᠡᠬᠦ ᠬᠡᠪᠴᠢᠶ᠎ᠡ  ᠲᠣᠳᠣᠷᠬᠠᠶ ᠲᠣᠭᠲᠠᠭᠠᠵᠠᠶ ᠃ ᠲᠣᠰ ᠨᠠᠷᠢᠨ ᠲᠦᠷᠢᠮ  ᠨᠢ ᠬᠣᠯᠪᠣᠭᠳᠠᠯ ᠪᠥᠬᠥᠶ   ᠬᠠᠥᠯᠢ  ᠴᠠᠭᠠᠵᠠ᠂ ᠬᠠᠥᠯᠢ ᠲᠣᠭᠲᠠᠭᠠᠯ  ᠢ  ᠦᠨᠳᠦᠰᠦᠯᠡᠭᠰᠡᠨ ᠬᠠᠮᠲᠤ᠂ ᠬᠥᠬᠡᠬᠣᠲᠠ  ᠵᠢᠨ ᠠᠷᠠᠳ  ᠪᠠᠶᠢᠴᠠᠭᠠᠬᠤ ᠬᠣᠷᠢᠶ᠎ᠠ ᠢᠨ ︽ᠡᠷᠡᠭᠦᠦ   ᠢᠨ ᠬᠡᠷᠡᠭ   ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠬᠤ ᠠᠵᠢᠯ  ᠢ ᠪᠥᠬᠥ ᠲᠠᠯ᠎ᠠ ᠪᠠᠷ ᠬᠠᠮᠵᠢᠯᠴᠠᠨ ᠠᠬᠢᠭᠤᠯᠬᠤ ᠲᠤᠬᠠᠶ ᠲᠣᠭᠲᠠᠭᠠᠯ ︵ ᠲᠤᠷᠰᠢᠨ ᠬᠡᠷᠡᠭᠵᠢᠭᠦᠯᠬᠦ  ︾ ᠶᠣᠰᠣᠭᠠᠷ ᠂ ᠳᠣᠲᠣᠭᠠᠳᠤ  ᠬᠠᠮᠠᠭᠠᠯᠠᠬᠤ ᠪᠠᠶᠢᠭᠤᠯᠭ᠎ᠠ ᠂ ᠪᠠᠶᠢᠴᠠᠭᠠᠬᠤ  ᠪᠠᠶᠢᠭᠤᠯᠭ᠎ᠠ ᠂ ᠰᠢᠭᠦᠬᠦ ᠬᠣᠷᠢᠶ᠎ᠠ ᠂   ᠬᠠᠤᠯᠢ ᠴᠠᠭᠠᠵᠠ ᠢᠨ ᠲᠣᠪᠴᠢᠶ᠎ᠠ᠂ ᠡᠷᠡᠭᠦᠦ  ᠢᠨ ᠵᠠᠷᠭᠤ  ︽ ᠲᠥᠬᠥᠮ ᠬᠡᠷᠡᠭ ︾  ᠢ ᠭᠥᠯᠢᠶᠡᠨ ᠠᠪᠴᠤ ᠰᠢᠶᠳᠪᠦᠷᠢᠯᠡᠬᠦ ᠦᠶ᠎ᠡ  ᠢᠨ ᠠᠵᠢᠯ  ᠡᠭᠦᠷᠭᠡ ᠬᠠᠷᠢᠭᠤᠴᠠᠯᠭ᠎ᠠ   ᠤᠯᠠᠮ ᠨᠢᠭᠡ ᠠᠯᠬᠤᠮ ᠨᠠᠷᠢᠯᠢᠬᠵᠢᠭᠤᠯᠵᠤ ᠂ ᠬᠡᠷᠡᠭ ᠰᠢᠶᠳᠪᠦᠷᠢᠯᠡᠬᠦ ᠠᠶᠢᠵᠠᠮ   ᠢ ᠲᠦᠷᠭᠡᠳᠬᠡᠨ᠂ ᠡᠷᠡᠭᠦᠦ  ᠢᠨ ᠬᠡᠷᠡᠭ  ᠪᠠᠶᠢᠴᠠᠭᠠᠬᠤ ᠠᠵᠢᠯ  ᠶᠠᠰᠤ ᠴᠢᠨᠠᠷ  ᠢ  ᠳᠡᠭᠡᠭᠰᠢᠯᠡᠭᠦᠯᠪᠡ᠃ ᠳᠥᠭᠥᠮ ᠬᠡᠷᠡᠭ ᠪᠠ ᠲᠦᠪᠡᠭᠲᠡᠶ ᠬᠡᠷᠡᠭ  ᠬᠦᠷᠢᠶ᠎ᠡ ᠬᠡᠪᠴᠢᠶ᠎ᠡ᠂ ᠳᠥᠭᠥᠮ ᠬᠡᠷᠡᠭ ᠪᠠ ᠲᠦᠪᠡᠭᠲᠡᠶ ᠬᠡᠷᠡᠭ  ᠲᠦᠷᠦᠯ ᠬᠡᠯᠪᠡᠷᠢ᠂ ᠳᠥᠭᠥᠮ ᠬᠡᠷᠡᠭ ᠪᠠ ᠲᠦᠪᠡᠭᠲᠡᠶ ᠬᠡᠷᠡᠭ  ᠢ ᠬᠤᠪᠢᠷᠠᠭᠤᠯᠬᠤ᠂ ᠳᠥᠭᠥᠮ ᠬᠡᠷᠡᠭ  ᠢ ᠦᠨᠡᠯᠡᠨ ᠵᠢᠱᠢᠬᠦ  ᠳ᠋ᠦ ᠲᠣᠳᠣᠷᠬᠠᠶ ᠱᠠᠭᠠᠷᠳᠠᠯᠭ᠎ᠠ  ᠳᠤᠷᠠᠳᠴᠤ ᠂ ᠬᠡᠷᠡᠭ  ᠢ ᠳᠠᠷᠤᠶ ᠲᠦᠷᠭᠡᠨ ᠰᠢᠶᠳᠪᠦᠷᠢᠯᠡᠬᠦ ᠮᠥᠷᠲᠡᠭᠡᠨ ᠣᠨᠣᠪᠴᠢᠲᠠᠶ ᠰᠢᠶᠳᠪᠦᠷᠢᠯᠡᠬᠦ   ᠦᠨᠡᠨᠬᠦ ᠪᠠᠲᠤᠯᠠᠪᠠ︔ ᠳᠣᠲᠣᠭᠠᠳᠤ   ᠬᠠᠮᠠᠭᠠᠯᠠᠬᠤ᠂ ᠪᠠᠶᠢᠴᠠᠭᠠᠬᠤ ᠂ ᠰᠢᠭᠦᠬᠦ ᠂ ᠬᠠᠤᠯᠢ  ᠴᠠᠭᠠᠵᠠ  ᠢᠨ  ᠳᠤᠪᠴᠢᠶ᠎ᠠ   ᠢᠨ ᠬᠠᠮᠵᠢᠯᠴᠠᠭ᠎ᠠ  ᠴᠢᠩᠭᠠᠳᠬᠠᠵᠤ᠂ ᠬᠠᠤᠯᠢ ᠴᠠᠭᠠᠵᠠ  ᠢᠨ  ᠣᠨᠣᠯᠵᠢᠬᠤᠨ  ᠢ ᠤᠯᠠᠮ ᠨᠢᠭᠡ ᠠᠯᠬᠤᠮ ᠨᠢᠭᠡᠳᠬᠡᠵᠦ᠂  ᠲᠦᠪᠡᠭᠲᠡᠢ ᠬᠡᠷᠡᠭ ᠪᠠ  ᠳᠥᠭᠥᠮ  ᠬᠡᠷᠡᠭ  ᠢ ᠰᠠᠯᠭᠠᠬᠤ ᠪᠠᠷᠢᠮᠵᠢᠶ᠎ᠠ   ᠨᠢᠭᠡᠳᠬᠡᠵᠦ᠂ ᠬᠠᠤᠯᠢ ᠬᠡᠷᠡᠭᠵᠢᠭᠦᠯᠵᠦ ᠬᠡᠷᠡᠭ ᠰᠢᠢᠳᠪᠦᠷᠢᠯᠡᠬᠦ ᠶᠠᠪᠤᠴᠠ   ᠨᠢᠭᠡᠳᠬᠡᠵᠦ᠂ ᠬᠠᠤᠯᠢ ᠬᠡᠷᠡᠭᠵᠢᠭᠦᠯᠵᠦ ᠬᠡᠷᠡᠭ ᠰᠢᠢᠳᠪᠦᠷᠢᠯᠡᠬᠦ ᠬᠠᠮᠲᠤᠷᠠᠯ ᠬᠦᠴᠦᠨ  ᠢ ᠪᠦᠷᠢᠯᠳᠦᠭᠦᠯᠵᠦ᠂  ᠲᠤᠰ ᠰᠢᠶᠠᠨ  ᠡᠷᠡᠭᠦᠦ  ᠢᠨ ᠬᠡᠷᠡᠭ  ᠢ ᠰᠢᠢᠳᠪᠦᠷᠢᠯᠡᠬᠦ ᠶᠠᠰᠤ ᠴᠢᠨᠠᠷ  ᠢ ᠳᠡᠭᠡᠭᠰᠢᠯᠡᠭᠦᠯᠦᠨ᠂ ᠦᠷ᠎ᠡ ᠠᠰᠢᠭ  ᠨᠡᠮᠡᠭᠳᠡᠭᠦᠯᠬᠦ ︽ᠲᠦᠷᠭᠡᠨ  ᠵᠠᠮ︾ ᠳ᠋ᠦ ᠣᠷᠣᠭᠤᠯᠪᠠ᠃ 
     ︽ ᠨᠠᠷᠢᠨ ᠲᠦᠷᠢᠮ ︾ ᠳ᠋ᠤ ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠨ ᠲᠣᠬᠢᠷᠠᠭᠤᠯᠬᠤ ᠮᠠᠭᠠᠳᠯᠠᠨ ᠲᠣᠭᠲᠠᠭᠠᠬᠤ ᠭᠣᠭᠴᠣᠭ᠎ᠠ   ᠨᠠᠷᠢᠯᠢᠬᠵᠢᠭᠤᠯᠪᠠ ᠃ ᠲᠣᠰ 《ᠨᠠᠷᠢᠨ ᠲᠦᠷᠢᠮ 》 ᠳ᠋ᠦ  ᠡᠷᠡᠭᠦᠦ   ᠢᠨ ᠬᠡᠷᠡᠭ  ᠪᠠᠶᠢᠴᠠᠭᠠᠬᠤ ᠰᠠᠯᠠᠭ᠎ᠠ ᠮᠥᠴᠢᠷ ᠲᠤᠷᠰᠢᠨ ᠪᠠᠶᠢᠴᠠᠭᠠᠯᠲᠠ  ᠬᠢᠨᠠᠯᠲᠠ ᠲᠠᠯᠪᠢᠬᠤ ᠪᠠ ᠬᠠᠮᠵᠢᠯᠴᠠᠬᠤ ᠠᠵᠢᠯ ᠲᠣᠭᠲᠠᠴᠠ ᠪᠠᠷ ᠳᠠᠮᠵᠢᠭᠤᠯᠤᠨ ᠂ ᠲᠤᠷᠰᠢᠨ ᠪᠠᠶᠢᠴᠠᠭᠠᠬᠤ ᠪᠠᠶᠢᠭᠤᠯᠭ᠎ᠠ ᠲᠠᠶ ᠬᠠᠮᠲᠤ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ   ᠪᠡᠷ ᠰᠢᠯᠵᠢᠭᠦᠯᠦᠨ ᠬᠦᠷᠭᠡᠬᠦ ᠭᠡᠵᠦ ᠪᠠᠶᠢᠭ᠎ᠠ ᠲᠦᠪᠡᠭᠲᠡᠶ ᠬᠡᠷᠡᠭ  ᠪᠠ ᠲᠥᠬᠥᠮ ᠬᠡᠷᠡᠭ  ᠢ ᠲᠥᠷᠥᠯ ᠬᠤᠪᠢᠶᠠᠨ ᠵᠥᠪᠳᠡᠯᠴᠡᠬᠦ ᠠᠵᠢᠯ  ᠢ ᠰᠠᠶᠢᠲᠤᠷ ᠬᠢᠵᠦ ᠂ ᠲᠥᠬᠥᠮ ᠬᠡᠷᠡᠭ  ᠪᠠᠷᠢᠮᠵᠢᠶ᠎ᠠ ᠳᠤ ᠨᠡᠶᠢᠴᠡᠪᠡᠯ ᠂ ᠲᠤᠷᠰᠢᠨ ᠪᠠᠶᠢᠴᠠᠭᠠᠬᠤ ᠪᠠᠶᠢᠭᠤᠯᠭ᠎ᠠ  ᠡᠴᠡ ᠬᠡᠷᠡᠭ  ᠬᠠᠪᠢᠰᠦᠨ  ᠳ᠋ᠦ ︽ ᠲᠥᠬᠥᠮ ᠬᠡᠷᠡᠭ ︾  ᠲᠡᠮᠳᠡᠭ  ᠢ ᠬᠠᠳᠠᠬᠤ ᠬᠡᠷᠡᠭᠲᠡᠶ ᠭᠡᠵᠦ ᠲᠣᠳᠣᠷᠬᠠᠶ ᠲᠣᠭᠲᠠᠭᠠᠵᠠᠶ ︔ ᠬᠡᠷᠡᠭ ᠬᠠᠮᠢᠶᠠᠷᠤᠯᠲᠠ  ᠢᠨ ᠰᠠᠯᠠᠭ᠎ᠠ ᠮᠥᠴᠢᠷ ᠂ ᠬᠡᠷᠡᠭ   ᠭᠥᠯᠢᠶᠡᠨ ᠠᠪᠴᠤ ᠬᠢᠨᠠᠨ ᠪᠠᠶᠢᠴᠠᠭᠠᠬᠤ  ᠳ᠋ᠠᠭᠠᠨ ᠂ ᠲᠣᠰ ᠨᠠᠷᠢᠨ ᠲᠦᠷᠢᠮ  ᠱᠠᠭᠠᠷᠳᠠᠯᠭ᠎ᠠ   ᠦᠨᠳᠦᠰᠦᠯᠡᠨ᠂ ᠳᠣᠲᠣᠭᠠᠳᠤ   ᠬᠠᠮᠠᠭᠠᠯᠠᠬᠤ ᠪᠠᠶᠢᠭᠤᠯᠭ᠎ᠠ  ᠢᠨ ᠰᠠᠨᠠᠯ ᠲᠠᠶ ᠤᠶᠠᠯᠳᠤᠭᠤᠯᠤᠨ ᠬᠢᠨᠠᠨ ᠪᠠᠶᠢᠴᠠᠭᠠᠵᠤ ᠨᠤᠲᠠᠯᠠᠬᠤ   ᠵᠢᠨ ᠬᠠᠮᠲᠤ ᠂ ᠪᠠᠶᠢᠴᠠᠭᠠᠬᠤ ᠲᠤᠬᠠᠶᠢᠯᠠᠭᠰᠠᠨ ᠠᠵᠢᠯ  ᠰᠢᠰᠲ᠋ᠧᠮ  ᠬᠡᠷᠡᠭ  ᠨᠡᠷᠡᠶᠢᠳᠦᠯ  ᠡᠮᠦᠨ᠎ᠡ ︽ ᠲᠥᠬᠥᠮ ᠬᠡᠷᠡᠭ ︾ ᠬᠡᠵᠦ  ᠳᠤᠳᠤᠷᠬᠠᠢᠯᠠᠵᠦ᠂ ᠵᠣᠬᠢᠴᠠᠩᠭᠤᠶ ᠲᠥᠬᠥᠮ ᠬᠡᠷᠡᠭ ᠢ ᠰᠢᠶᠳᠪᠦᠷᠢᠯᠡᠬᠦ ᠪᠦᠯᠬᠦᠮ ᠳᠦ ᠬᠤᠪᠢᠶᠠᠷᠢᠯᠠᠨ ᠥᠭᠴᠦ  ᠰᠢᠢᠳᠪᠦᠷᠢᠯᠡᠨ᠎ᠡ︔ ᠪᠠᠶᠢᠴᠠᠭᠠᠬᠤ ᠪᠠᠶᠢᠭᠤᠯᠭ᠎ᠠ ᠠᠳᠠᠯᠢ ᠱᠠᠲᠤᠨ  ᠠᠷᠠᠳ  ᠰᠢᠭᠦᠬᠦ ᠬᠣᠷᠢᠶ᠎ᠠ ᠲᠠᠢ  ᠵᠣᠬᠢᠴᠠᠭᠤᠯᠵᠤ᠂  ᠳᠤᠭᠲᠠᠭᠰᠠᠨ ᠠᠵᠢᠯᠯᠠᠬᠤ ᠡᠳᠦᠷ   ᠲᠤ ᠲᠣᠪᠴᠢ ᠬᠡᠷᠡᠭ  ᠢ ᠲᠥᠪᠯᠡᠷᠡᠭᠦᠯᠦᠨ ᠠᠯᠪᠠᠨ ᠵᠠᠭᠠᠯᠳᠤᠯᠭ᠎ᠠ  ᠬᠢᠨ᠎ᠡ᠃ ᠠᠷᠠᠳ  ᠰᠢᠭᠦᠬᠦ ᠬᠣᠷᠢᠶ᠎ᠠ ᠲᠣᠪᠴᠢ ᠬᠡᠷᠡᠭ  ᠢ ᠲᠥᠪᠯᠡᠷᠡᠭᠦᠯᠦᠨ ᠲᠢᠩᠬᠢᠮ ᠨᠡᠭᠡᠭᠡᠵᠦ ᠬᠢᠨᠠᠨ ᠪᠠᠶᠢᠴᠠᠭᠠᠵᠤ ᠪᠣᠯᠤᠨ᠎ᠠ᠂ ᠪᠠᠶᠢᠴᠠᠭᠠᠬᠤ ᠪᠠᠶᠢᠭᠤᠯᠭ᠎ᠠ ᠠᠯᠪᠠᠨ ᠵᠠᠭᠠᠯᠳᠤᠭᠴᠢ   ᠲᠣᠮᠢᠯᠠᠨ ᠲᠥᠪᠯᠡᠷᠡᠭᠦᠯᠦᠨ ᠰᠢᠭᠦᠯᠲᠡ ᠳᠦ ᠣᠷᠣᠯᠴᠠᠭᠤᠯᠤᠨ ᠠᠯᠪᠠᠨ ᠵᠠᠭᠠᠯᠳᠤᠯᠭ᠎ᠠ   ᠳᠡᠮᠵᠢᠬᠦ ᠬᠡᠷᠡᠭᠲᠡᠶ᠃ 
     ︽ ᠨᠠᠷᠢᠨ ᠲᠦᠷᠢᠮ ︾ ᠳ᠋ᠤ  ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠬᠤ ᠵᠢᠷᠤᠮ  ᠱᠠᠭᠠᠷᠳᠠᠯᠭ᠎ᠠ   ᠲᠣᠳᠣᠷᠬᠠᠶ ᠲᠣᠭᠲᠠᠭᠠᠵᠠᠶ ᠃ ᠨᠢᠭᠡ  ᠳ᠋ᠦ᠂ ᠰᠢᠭᠤᠳ ᠵᠠᠭᠠᠯᠳᠤᠬᠤ ᠱᠠᠭᠠᠷᠳᠠᠯᠭ᠎ᠠ᠃ ᠲᠤᠷᠰᠢᠨ ᠪᠠᠶᠢᠴᠠᠭᠠᠬᠤ ᠪᠠᠶᠢᠭᠤᠯᠭ᠎ᠠ  ᠬᠡᠷᠡᠭ  ᠢ ᠳᠥᠭᠥᠮᠴᠢᠯᠡᠬᠦ ᠨᠥᠬᠥᠴᠡᠯ  ᠲᠠᠢ ᠨᠡᠢᠴᠡᠬᠦ᠂ ᠬᠣᠶᠠᠷ ᠲᠠᠯ᠎ᠠ  ᠲᠤᠬᠠᠶ  ᠢᠨ ᠬᠥᠮᠦᠨ᠂ ᠲᠥᠯᠥᠪᠦᠷᠢ ᠣᠶᠢᠯᠠᠭᠠᠯᠴᠠᠭ᠎ᠠ  ᠢᠨ ᠬᠡᠯᠡᠯᠴᠡᠭᠡᠷ ᠳᠣᠭᠢᠷᠬᠠᠰᠠᠨ ᠪᠥᠭᠡᠳ ᠶᠠᠯ᠎ᠠ ᠬᠢᠵᠦ ᠥᠩᠭᠡᠷᠡᠭᠰᠡᠨ  ᠦᠭᠡᠢ  ᠂ ᠲᠠᠬᠢᠨ ᠶᠠᠯ᠎ᠠ ᠬᠢᠭᠰᠡᠨ ᠭᠡᠷᠡᠭᠳᠡᠨ ᠂ ᠵᠣᠬᠢᠰ ᠢ ᠨᠢ ᠦᠵᠡᠵᠦ ᠬᠦᠨᠳᠦ ᠪᠡᠷ ᠰᠢᠳᠬᠡᠬᠦ ᠬᠡᠷᠡᠭ  ᠢ ᠪᠠᠷᠢᠪᠴᠢᠯᠠᠭᠤᠯᠬᠤ ᠳ᠋ᠦ ᠮᠡᠳᠡᠭᠦᠯᠬᠦ ᠦᠭᠡᠢ ᠪᠡᠷ ᠰᠢᠭᠤᠳ ᠰᠢᠯᠵᠢᠭᠦᠯᠦᠨ ᠬᠦᠷᠭᠡᠵᠦ ᠬᠢᠨᠠᠨ ᠪᠠᠶᠢᠴᠠᠭᠠᠯᠭᠠᠵᠤ ᠵᠠᠭᠠᠯᠳᠤᠭᠤᠯᠵᠤ ᠪᠣᠯᠤᠨ᠎ᠠ︔ ᠪᠠᠶᠢᠴᠠᠭᠠᠬᠤ ᠪᠠᠶᠢᠭᠤᠯᠭ᠎ᠠ ᠬᠢᠨᠠᠨ ᠪᠠᠶᠢᠴᠠᠭᠠᠭᠠᠳ᠂ ᠬᠣᠷᠢᠬᠤ ᠴᠢᠬᠤᠯᠠ ᠴᠢᠨᠠᠷ ᠲᠠᠶ ᠭᠡᠵᠦ ᠦᠵᠡᠪᠡᠯ᠂ ᠠᠯᠪᠠᠳᠠᠯᠭ᠎ᠠ  ᠢᠨ ᠠᠷᠭ᠎ᠠ ᠬᠡᠮᠵᠢᠶ᠎ᠡ  ᠪᠠᠨ ᠬᠤᠪᠢᠷᠠᠭᠤᠯᠵᠤ᠂ ᠳᠣᠲᠣᠭᠠᠳᠤ   ᠬᠠᠮᠠᠭᠠᠯᠠᠬᠤ ᠪᠠᠶᠢᠭᠤᠯᠭ᠎ᠠ ᠪᠠᠷ ᠭᠦᠢᠴᠡᠳᠬᠡᠭᠦᠯᠵᠦ ᠪᠣᠯᠤᠨ᠎ᠠ᠃ ᠬᠣᠶᠠᠷ   ᠲᠤ᠂ ᠬᠡᠷᠡᠭ  ᠢ ᠳᠥᠭᠥᠮᠴᠢᠯᠡᠨ ᠲᠦᠷᠭᠡᠨ ᠰᠢᠶᠳᠪᠦᠷᠢᠯᠡᠬᠦ ᠱᠠᠭᠠᠷᠳᠠᠯᠭ᠎ᠠ᠃ ᠲᠣᠪᠴᠢ ᠬᠡᠷᠡᠭ  ᠢ ᠰᠢᠶᠳᠪᠦᠷᠢᠯᠡᠬᠦ ᠦᠶ᠎ᠡ  ᠳ᠋ᠦ᠂ ᠳᠠᠭᠠᠭᠠᠨ ᠰᠢᠶᠳᠪᠦᠷᠢᠯᠡᠬᠦ ᠪᠠᠶᠢᠴᠠᠭᠠᠬᠤ ᠲᠤᠰᠢᠶᠠᠯᠲᠠᠨ 《ᠬᠡᠷᠡᠭ ᠰᠢᠶᠳᠪᠦᠷᠢᠯᠡᠬᠦ ᠲᠦᠷᠢᠮ》 ᠢ  ᠵᠥᠷᠢᠴᠡᠬᠦ ᠦᠭᠡᠢ ᠤᠷᠢᠲᠠᠯ  ᠳᠤᠤᠷ᠎ᠠ᠂ ᠡᠷᠬᠡ ᠡᠭᠦᠷᠭᠡ   ᠲᠥᠪᠯᠡᠷᠡᠭᠦᠯᠦᠨ  ᠮᠡᠳᠡᠭᠦᠯᠵᠦ᠂   ᠪᠢᠴᠢᠭ ᠬᠠᠷ᠎ᠠ  ᠢ ᠳᠥᠭᠥᠮᠴᠢᠯᠡᠬᠦ᠂ ᠬᠡᠷᠡᠭ ᠰᠢᠶᠳᠪᠦᠷᠢᠯᠡᠬᠦ ᠠᠷᠭ᠎ᠠ ᠮᠠᠶ᠋ᠢᠭ  ᠢ ᠰᠢᠯᠢᠳᠡᠭᠵᠢᠭᠦᠯᠬᠦ᠂ ᠬᠡᠷᠡᠭ ᠰᠢᠶᠳᠪᠦᠷᠢᠯᠡᠬᠦ ᠬᠤᠭᠤᠴᠠᠭ᠎ᠠ    ᠪᠣᠭᠣᠨᠢᠰᠬᠠᠬᠤ ᠵᠡᠷᠭᠡ   ᠬᠡᠷᠡᠭᠯᠡᠨ᠂ ᠬᠡᠷᠡᠭ ᠰᠢᠶᠳᠪᠦᠷᠢᠯᠡᠬᠦ  ᠶᠠᠰᠦ ᠴᠢᠨᠠᠷ ᠪᠠ ᠦᠷ᠎ᠡ ᠪᠦᠲᠦᠮᠵᠢ   ᠲᠠᠰᠤᠷᠠᠯᠳᠠ ᠦᠭᠡᠢ ᠳᠡᠭᠡᠭᠰᠢᠯᠡᠭᠦᠯᠵᠦ ᠪᠣᠯᠤᠨ᠎ᠠ᠃ ᠭᠤᠷᠪᠠ  ᠳ᠋ᠦ᠂ ᠲᠦᠪᠡᠭᠲᠡᠶ ᠬᠡᠷᠡᠭ  ᠢ ᠨᠠᠷᠢᠨ ᠰᠢᠶᠳᠪᠦᠷᠢᠯᠡᠬᠦ ᠱᠠᠭᠠᠷᠳᠠᠯᠭ᠎ᠠ᠃ ᠡᠷᠡᠭᠦᠦ  ᠢᠨ ᠬᠡᠷᠡᠭ  ᠢ ᠪᠠᠶᠢᠴᠠᠭᠠᠬᠤ ᠳ᠋ᠦ ᠲᠦᠪᠡᠭᠲᠡᠶ ᠬᠡᠷᠡᠭ  ᠢ ᠰᠢᠶᠳᠪᠦᠷᠢᠯᠡᠬᠦ  ᠳ᠋ᠦ ᠬᠠᠤᠯᠢ ᠴᠠᠭᠠᠵᠠ  ᠢᠨ ᠲᠣᠭᠲᠠᠭᠠᠯ  ᠢ ᠴᠢᠩᠭ᠎ᠠ ᠵᠢᠷᠤᠮᠯᠠᠨ᠂ ᠬᠡᠷᠡᠴᠢ ᠪᠠᠷᠢᠮᠲᠠ  ᠢ ᠬᠢᠨᠠᠨ ᠪᠠᠶᠢᠴᠠᠭᠠᠬᠤ ᠪᠠ ᠬᠡᠷᠡᠭᠯᠡᠬᠦ   ᠴᠢᠩᠭᠠᠳᠬᠠᠵᠤ᠂ ᠲᠢᠩᠬᠢᠮ  ᠰᠢᠭᠦᠯᠲᠡ  ᠢᠨ ᠪᠡᠯᠡᠳᠬᠡᠯ ᠲᠥᠰᠦᠯ  ᠢ ᠰᠢᠨᠵᠢᠯᠡᠬᠦ ᠤᠬᠠᠭᠠᠨᠴᠢ ᠪᠠᠷ ᠳᠦᠷᠢᠮᠯᠡᠵᠦ᠂ ᠰᠢᠭᠦᠯᠲᠡ ᠳᠦ ᠣᠷᠣᠯᠴᠠᠬᠤ ᠴᠢᠳᠠᠪᠤᠷᠢ  ᠳᠡᠭᠡᠭᠰᠢᠯᠡᠭᠦᠯᠵᠦ᠂ ᠨᠠᠷᠢᠯᠢᠬᠵᠢᠭᠤᠯᠤᠨ  ᠰᠢᠢᠳᠪᠦᠷᠢᠯᠡᠨ ᠂ ᠬᠡᠷᠡᠭ ᠰᠢᠢᠳᠪᠦᠷᠢᠯᠡᠬᠦ  ᠶᠠᠰᠤ ᠴᠢᠨᠠᠷ  ᠢ ᠪᠠᠲᠤᠯᠠᠬᠤ ᠬᠡᠷᠡᠭᠲᠡᠶ᠃ ᠢᠯᠠᠩᠭᠤᠶ᠎ᠠ ᠬᠦᠨᠳᠦ ᠶᠡᠬᠡ᠂ ᠨᠠᠷᠢᠨ ᠪᠤᠳᠤᠯᠢᠶᠠᠨᠲᠠᠶ᠂ ᠬᠦᠴᠢᠷ ᠲᠦᠪᠡᠭᠲᠡᠶ ᠬᠡᠷᠡᠭ  ᠢ ᠰᠢᠶᠳᠪᠦᠷᠢᠯᠡᠬᠦ   ᠳᠦ ᠪᠠᠨ ᠠᠵᠢᠯᠳᠠᠨ  ᠣᠷᠣᠨ ᠲᠣᠭ᠎ᠠ   ᠪᠡᠷ᠎ ᠪᠠᠶᠢᠴᠠᠭᠠᠬᠤ ᠲᠤᠰᠢᠶᠠᠯᠲᠠᠨ  ᠢ ᠰᠣᠩᠭᠣᠨ᠂ ᠲᠤᠰᠬᠠᠶ ᠬᠡᠷᠡᠭ  ᠳᠤᠭᠤᠶᠢᠯᠠᠩ ᠪᠠᠶᠢᠭᠤᠯᠵᠤ᠂ ᠰᠢᠶᠳᠪᠦᠷᠢᠯᠡᠭᠰᠡᠨ ᠠᠬᠢᠴᠠ  ᠲᠣᠭᠲᠠᠮᠠᠯ ᠬᠤᠭᠤᠴᠠᠭᠠᠨ ᠳᠤ  ᠵᠠᠷᠯᠠᠨ ᠮᠡᠳᠡᠭᠳᠡᠵᠦ ᠬᠡᠷᠡᠭ ᠰᠢᠶᠳᠪᠦᠷᠢᠯᠡᠬᠦ ᠶᠠᠰᠤ ᠴᠢᠨᠠᠷ ᠦᠷ᠎ᠡ ᠪᠦᠲᠦᠮᠵᠢ   ᠦᠨᠡᠨᠬᠦ ᠪᠠᠲᠤᠯᠠᠵᠤ ᠪᠣᠯᠤᠨ᠎ᠠ᠃ 
       ︽ ᠨᠠᠷᠢᠨ ᠲᠦᠷᠢᠮ ︾ ᠳ᠋ᠤ ᠲᠦᠪᠡᠭᠲᠡᠶ ᠬᠡᠷᠡᠭ ᠪᠠ ᠲᠥᠬᠥᠮ ᠬᠡᠷᠡᠭ ᠢ ᠰᠠᠯᠭᠠᠬᠤ ᠠᠵᠢᠯ  ᠪᠠᠲᠤᠯᠠᠭ᠎ᠠ  ᠢᠨ ᠲᠣᠭᠲᠠᠴᠠ   ᠴᠢᠬᠤᠯᠠᠴᠢᠯᠠᠵᠠᠶ ᠃ ᠰᠢᠶᠠᠨ  ᠨᠠᠮ ᠬᠣᠷᠢᠶ᠎ᠠ  ᠢᠨ ᠤᠯᠤᠰ ᠲᠥᠷᠥ  ᠬᠠᠤᠯᠢ ᠴᠠᠭᠠᠵᠠ  ᠢᠨ ᠬᠣᠷᠢᠶ᠎ᠠ ᠂ ᠡᠷᠡᠭᠦᠦ  ᠢᠨ  ᠬᠡᠷᠡᠭ  ᠲᠦᠪᠡᠭᠲᠡᠶ ᠬᠡᠷᠡᠭ ᠪᠠ ᠲᠥᠬᠥᠮ ᠬᠡᠷᠡᠭ  ᠢ ᠰᠠᠯᠭᠠᠬᠤ ᠠᠵᠢᠯ  ᠢ ᠪᠥᠬᠥ ᠲᠠᠯ᠎ᠠ ᠪᠠᠷ ᠬᠠᠮᠵᠢᠯᠴᠠᠨ ᠠᠬᠢᠭᠤᠯᠬᠤ   ᠨᠢᠭᠡᠳᠦᠯᠲᠡᠶ ᠲᠥᠯᠥᠪᠯᠡᠨ ᠳᠣᠭᠢᠷᠠᠭᠤᠯᠤᠨ ᠨᠠᠶᠢᠳᠠᠪᠤᠷᠢᠵᠢᠭᠤᠯᠬᠤ  ᠢᠨ ᠬᠠᠮᠲᠤ ᠂ ᠲᠠᠪᠴᠠᠩ  ᠠᠵᠢᠯᠯᠠᠭᠠᠨ ᠳᠤᠮᠳᠠ ᠢᠯᠡᠷᠡᠭᠰᠡᠨ ᠠᠰᠠᠭᠤᠳᠠᠯ  ᠢ ᠵᠣᠬᠢᠴᠠᠭᠤᠯᠤᠨ ᠰᠢᠶᠳᠪᠦᠷᠢᠯᠡᠨ᠎ᠡ ︔ ᠳᠣᠲᠣᠭᠠᠳᠤ   ᠬᠠᠮᠠᠭᠠᠯᠠᠬᠤ᠂ ᠪᠠᠶᠢᠴᠠᠭᠠᠬᠤ ᠂ ᠰᠢᠭᠦᠬᠦ ᠂  ᠬᠠᠤᠯᠢ ᠴᠠᠭᠠᠵᠠ  ᠢᠨ  ᠳᠤᠪᠴᠢᠶ᠎ᠠ ᠵᠣᠬᠢᠴᠠᠭᠤᠯᠭ᠎ᠠ ᠨᠡᠪᠲᠡᠷᠡᠯᠴᠡᠭᠡ ᠪᠡᠨ ᠴᠢᠩᠭᠠᠳᠬᠠᠬᠤ ᠬᠡᠷᠡᠭᠲᠡᠶ᠃ ᠲᠦᠪᠡᠭᠲᠡᠶ ᠬᠡᠷᠡᠭ᠂ ᠳᠥᠭᠥᠮ ᠬᠡᠷᠡᠭ  ᠢ ᠢᠯᠭᠠᠬᠤ ᠳᠤ ᠪᠡᠷᠬᠡᠲᠡᠶ ᠪᠠᠶᠢᠪᠠᠯ᠂ ᠳᠣᠲᠣᠭᠠᠳᠤ  ᠬᠠᠮᠠᠭᠠᠯᠠᠬᠤ ᠪᠠᠶᠢᠭᠤᠯᠭ᠎ᠠ ᠪᠣᠯᠤᠨ ᠪᠠᠶᠢᠴᠠᠭᠠᠬᠤ ᠪᠠᠶᠢᠭᠤᠯᠭ᠎ᠠ ᠵᠥᠪᠳᠡᠯᠴᠡᠨ ᠲᠣᠭᠲᠠᠭᠠᠵᠤ ᠪᠣᠯᠤᠨ᠎ᠠ︔ ᠬᠠᠮᠵᠢᠯᠴᠠᠬᠤ ᠪᠠᠨ ᠴᠢᠩᠭᠠᠳᠬᠠᠵᠤ᠂ ᠡᠷᠡᠭᠦᠦ  ᠢᠨ ᠬᠡᠷᠡᠭ    ᠲᠦᠪᠡᠭᠲᠡᠢ ᠬᠡᠷᠡᠭ   ᠪᠠ  ᠳᠥᠭᠥᠮ  ᠬᠡᠷᠡᠭ  ᠢ ᠰᠠᠯᠭᠠᠬᠤ ᠠᠵᠢᠯ   ᠢ ᠴᠠᠭ ᠲᠤᠬᠠᠶ   ᠳ᠋ᠤᠨᠢ ᠨᠡᠪᠲᠡᠷᠡᠯᠴᠡᠵᠦ᠂ ᠠᠵᠢᠯ  ᠨᠡᠶᠢᠯᠡᠮᠡᠯ ᠬᠦᠴᠦᠨ  ᠢ ᠪᠦᠷᠢᠯᠳᠦᠭᠦᠯᠦᠨ᠂ ᠠᠵᠢᠯ  ᠳᠤᠮᠳᠠ ᠢᠯᠡᠷᠡᠭᠰᠡᠨ ᠠᠰᠠᠭᠤᠳᠠᠯ ᠪᠠ ᠲᠤᠯᠭᠠᠷᠠᠭᠰᠠᠨ ᠬᠦᠴᠢᠷᠳᠡᠯ  ᠢ ᠬᠠᠮᠲᠤ ᠪᠠᠷ ᠵᠣᠬᠢᠴᠠᠭᠤᠯᠤᠨ ᠰᠢᠢᠳᠪᠦᠷᠢᠯᠡᠨ᠎ᠡ᠃ 

 


      ᠣᠷᠴᠢᠭᠤᠯᠤᠭᠴᠢ᠄ ᠪᠠᠢ ᠴᠢᠩ ᠯᠢᠨ 
      ᠸᠠᠩ ᠬᠣᠩ  ᠨᠠᠢᠢᠷᠠᠭᠤᠯᠡᠪᠠ

ᠵᠣᠬᠢᠶᠠᠭᠴᠢ : ᠪᠠᠢ ᠴᠢᠩ ᠯᠢᠨ

ᠢᠷᠡᠯᠲᠡ : ᠴᠢᠩ ᠱᠦᠢ ᠾᠧ ᠰᠢᠶᠠᠨ  ᠠᠷᠠᠳ  ᠪᠠᠶᠢᠴᠠᠭᠠᠬᠤ ᠬᠣᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.