ᠪᠠᠭᠠᠷᠢᠨ ᠪᠠᠷᠠᠭᠤᠨ ᠬᠤᠰᠢᠭᠤᠨ ᠣ ᠠᠷᠠᠳᠪᠠᠶᠢᠴᠠᠭᠠᠬᠤ ᠬᠤᠷᠢᠶ᠎ᠠ ᠵᠢᠨ ᠵᠠᠭᠠᠯᠳᠤᠬᠤ ᠪᠢᠴᠢᠭ
ᠵᠠᠭᠠᠯᠳᠤᠭᠳᠠᠭᠴᠢ ᠰ** ᠂ ᠡᠷᠡᠭᠲᠡᠢ᠂ 1965 ᠣᠨ ** ᠰᠠᠷ᠎ᠠ ᠵᠢᠨ ** ᠡᠲᠦᠷ ᠲᠦᠷᠦᠵᠡᠢ᠂ ᠰᠠᠭᠤᠭᠠᠯᠢ ᠠᠷᠠᠳᠪᠡᠶᠡ ᠵᠢᠨ ᠦᠨᠡᠮᠯᠡᠯᠨᠣᠮᠧᠷ ᠄ 1504231965******** ᠂ ᠮᠣᠩᠭᠣᠯ ᠦᠨᠳᠦᠰᠦᠳᠡᠨ᠂ ᠪᠠᠭ᠎ᠠ ᠰᠤᠷᠭᠠᠭᠤᠯᠢ ᠵᠢᠨ ᠰᠣᠶᠣᠯᠬᠡᠮᠵᠢᠶᠡ ᠲᠠᠢ ᠂ ᠲᠠᠷᠢᠶᠠᠴᠢᠨ᠂ ᠡᠭᠡᠯ ᠠᠷᠠᠳ᠂ ᠡᠷᠦᠬᠡ ᠠᠮᠠ ᠵᠢᠨ ᠪᠠᠶᠢᠭ᠎ᠠ ᠭᠠᠵᠠᠷ᠄ ᠥᠪᠦᠷ ᠮᠤᠩᠭᠤᠯᠦᠪᠡᠷᠲᠡᠭᠡᠨ ᠵᠠᠰᠠᠬᠤ ᠣᠷᠣᠨ ᠣᠯᠠᠭᠠᠨᠬᠠᠳᠠ ᠬᠣᠲᠠ ᠵᠢᠨ ᠪᠠᠭᠠᠷᠢᠨ ᠪᠠᠷᠠᠭᠤᠨ ᠬᠤᠰᠢᠭᠤᠨ ** ᠰᠣᠮᠣ ᠂ ᠡᠳᠦᠭᠡ ᠪᠠᠭᠠᠷᠢᠨ ᠪᠠᠷᠠᠭᠤᠨ ᠬᠤᠰᠢᠭᠤᠨ ** ᠰᠣᠮᠣ ᠵᠢᠨ ** ᠭᠠᠴᠠᠭᠠᠨ ** ᠳᠤᠭᠤᠶᠢᠯᠠᠩ ᠳᠤ ᠰᠠᠭᠤᠵᠤ ᠪᠤᠢ ᠃ ᠶᠠᠯ᠎ᠠ ᠬᠢᠭᠰᠡᠨ ᠦᠩᠭᠡᠷᠡᠯᠲᠠ ᠦᠭᠡᠢ᠃ 2021 ᠣᠨ 3ᠰᠠᠷ᠎ᠠ ᠵᠢᠨ 12 ᠡᠲᠦᠷ ᠵᠣᠷᠢᠭᠣᠳᠠ ᠭᠡᠮᠲᠦᠭᠡᠭᠰᠡᠨ ᠶᠠᠯ᠎ᠠ ᠳᠦ ᠰᠡᠵᠢᠭᠯᠡᠭᠲᠡᠨ ᠪᠠᠭᠠᠷᠢᠨ ᠪᠠᠷᠠᠭᠤᠨ ᠬᠤᠰᠢᠭᠤᠨ ᠳᠤᠲᠤᠭᠠᠳᠤ ᠬᠠᠮᠠᠭᠠᠯᠠᠬᠤ ᠲᠤᠪᠴᠢᠶᠠᠨ ᠳᠤ ᠡᠷᠡᠭᠦᠦ ᠵᠢᠨ ᠬᠡᠷᠡᠭ ᠢᠶᠡᠷ ᠲᠦᠷ ᠬᠤᠷᠢᠭᠳᠠᠵᠤ ᠂2021 ᠣᠨ 3ᠰᠠᠷ᠎ᠠ ᠵᠢᠨ 22 ᠡᠲᠦᠷ ᠪᠠᠭᠠᠷᠢᠨ ᠪᠠᠷᠠᠭᠤᠨ ᠬᠤᠰᠢᠭᠤᠨ ᠠᠷᠠᠳᠪᠠᠶᠢᠴᠠᠭᠠᠬᠣ ᠬᠣᠷᠢᠶ᠎ᠠ ᠵᠢᠨ ᠵᠦᠪᠰᠢᠶᠡᠷᠡᠯ ᠢᠶᠡᠷ ᠳᠠᠮᠵᠢᠨ᠂ ᠲᠣᠰ ᠡᠳᠦᠷ ᠲᠦ ᠪᠠᠭᠠᠷᠢᠨ ᠪᠠᠷᠠᠭᠤᠨ ᠬᠤᠰᠢᠭᠤᠨ ᠳᠤᠲᠤᠭᠠᠳᠤ ᠬᠠᠮᠠᠭᠠᠯᠠᠬᠤ ᠲᠤᠪᠴᠢᠶᠠᠨ ᠡᠴᠡ ᠪᠠᠷᠢᠪᠴᠢᠯᠠᠵᠠᠢ᠃ ᠪᠠᠭᠠᠷᠢᠨ ᠪᠠᠷᠠᠭᠤᠨ ᠬᠤᠰᠢᠭᠤᠨ ᠳᠤᠲᠤᠭᠠᠳᠤ ᠬᠠᠮᠠᠭᠠᠯᠠᠬᠤ ᠲᠣᠪᠴᠢᠶ᠎ᠠ 2021 ᠣᠨ 4ᠰᠠᠷ᠎ᠠ ᠵᠢᠨ 13 ᠡᠲᠦᠷ ᠰ** ᠪᠠᠲᠤᠯᠠᠭ᠎ᠠ ᠠᠪᠴᠤ ᠰᠢᠬᠦᠯᠲᠡ ᠬᠦᠯᠢᠶᠡᠯᠭᠡᠪᠡ᠃ ᠡᠳᠦᠭᠡ ᠰᠠᠭᠤᠭ᠎ᠠ ᠭᠠᠵᠠᠷ ᠳ᠋ᠠᠭᠠᠨ ᠪᠠᠲᠤᠯᠠᠭ᠎ᠠ ᠠᠪᠴᠤ ᠰᠢᠬᠦᠯᠲᠡ ᠬᠦᠯᠢᠶᠡᠵᠦ ᠪᠤᠢ᠃
ᠲᠤᠰ ᠬᠡᠷᠡᠭ ᠢ ᠪᠠᠭᠠᠷᠢᠨ ᠪᠠᠷᠠᠭᠤᠨ ᠬᠤᠰᠢᠭᠤᠨ ᠳᠤᠲᠤᠭᠠᠳᠤ ᠬᠠᠮᠠᠭᠠᠯᠠᠬᠤ ᠲᠤᠪᠴᠢᠶ᠎ᠠ ᠡᠴᠡ ᠲᠤᠷᠰᠢᠨ ᠪᠠᠶᠢᠴᠠᠭᠠᠵᠤ ᠲᠠᠭᠤᠰᠤᠭᠠᠳ ᠂ ᠵᠠᠭᠠᠯᠳᠤᠭᠳᠠᠭᠴᠢ ᠰ** ᠵᠣᠷᠢᠭᠣᠳᠠ ᠭᠡᠮᠲᠦᠭᠡᠭᠰᠡᠨ ᠶᠠᠯ᠎ᠠ ᠳᠤ ᠰᠡᠵᠢᠭᠯᠡᠭᠳᠡᠵᠦ ᠪᠠᠵᠢᠨ᠎ᠠ ᠭᠡᠵᠦ ᠂ 2021 ᠣᠨ 4 ᠰᠠᠷ᠎ᠠ ᠵᠢᠨ 19 ᠡᠲᠦᠷ ᠮᠠᠨ ᠬᠤᠷᠢᠶᠠᠨ ᠳᠤ ᠲᠣᠰ ᠬᠡᠷᠡᠭ ᠢ ᠬᠢᠨᠠᠨ ᠪᠠᠶᠢᠴᠠᠭᠠᠵᠣ ᠵᠠᠭᠠᠯᠳᠣᠯᠭ᠎ᠠ ᠬᠢᠯᠭᠡᠬᠦ ᠪᠡᠷ ᠰᠢᠯᠵᠢᠭᠦᠯᠦᠭᠰᠡᠨ ᠪᠠᠵᠢᠨ᠎ᠠ ᠃ ᠮᠠᠨ ᠬᠤᠷᠢᠶ᠎ᠠ ᠲᠤᠰ ᠬᠡᠷᠡᠭ ᠢ ᠬᠦᠯᠢᠶᠡᠨ ᠠᠪᠤᠭᠰᠠᠨ ᠤ ᠲᠠᠷᠠᠭ᠎ᠠ ᠂ 2021 ᠤᠨ 4 ᠰᠠᠷ᠎ᠠ ᠵᠢᠨ 19 ᠡᠲᠦᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠪᠠ ᠶᠠᠯ᠎ᠠ ᠪᠠᠨ ᠮᠡᠳᠡᠷᠡᠵᠦ ᠰᠢᠳᠬᠡᠯ ᠬᠦᠯᠢᠶᠡᠬᠦ ᠳ᠋ᠦ ᠲᠤᠯᠭᠠᠷᠠᠬᠤ ᠬᠠᠣᠯᠢ ᠴᠠᠭᠠᠵᠠ ᠵᠢᠨ ᠦᠷ᠎ᠡ ᠳ᠋ᠦᠩ ᠢ ᠮᠡᠳᠡᠭᠳᠡᠵᠦ᠂ ᠲᠣᠰ ᠡᠳᠦᠷ ᠲᠦ ᠬᠣᠣᠷᠯᠠᠭᠳᠠᠭᠴᠢ ᠳᠤ ᠵᠠᠷᠭᠣ ᠵᠢᠨ ᠣᠷᠣᠯᠠᠭᠴᠢ ᠵᠠᠯᠠᠬᠤ ᠡᠷᠬᠡ ᠲᠠᠢ ᠭᠡᠵᠦ ᠮᠡᠳᠡᠭᠳᠡᠵᠦ᠂ ᠵᠠᠭᠠᠯᠳᠤᠭᠳᠠᠭᠴᠢ ᠬᠠᠤᠯᠢ ᠶᠤᠰᠤᠭᠠᠷ ᠰᠢᠭᠦᠨ ᠠᠰᠠᠭᠤᠵᠤ ᠂ ᠬᠡᠷᠡᠭᠪᠦᠬᠦ ᠮᠠᠲᠸᠷᠢᠶᠠᠯ ᠢ ᠬᠢᠨᠠᠨ ᠪᠠᠶᠢᠴᠠᠭᠠᠵᠤ ᠲᠠᠭᠤᠰᠪᠠ᠃ ᠵᠠᠭᠠᠯᠳᠤᠭᠳᠠᠭᠴᠢ ᠲᠣᠰ ᠬᠡᠷᠡᠭ ᠢ ᠳᠦᠭᠦᠮ ᠵᠢᠷᠣᠮ ᠢ ᠲᠤᠬᠢᠷᠠᠭᠤᠯᠤᠨ ᠭᠡᠷᠡᠭᠯᠡᠵᠦ ᠰᠢᠭᠦᠨ ᠰᠢᠢᠳᠪᠦᠷᠢᠯᠡᠬᠦ ᠵᠦᠪᠰᠢᠶᠡᠷᠡᠨ᠎ᠡ᠃
ᠬᠠᠤᠯᠢ ᠶᠤᠰᠤᠭᠠᠷ ᠬᠢᠨᠠᠨ ᠪᠠᠶᠢᠴᠠᠭᠠᠵᠤ ᠲᠤᠳᠤᠯᠠᠭᠰᠠᠨ ᠨᠢ ᠄
2021ᠣᠨ 3ᠰᠠᠷ᠎ᠠ ᠵᠢᠨ 5 ᠡᠲᠦᠷ ᠣᠷᠣᠢ ᠵᠢᠨ7 ᠴᠠᠭᠦᠶᠡᠰ᠂ ᠵᠠᠭᠠᠯᠳᠤᠭᠳᠠᠭᠴᠢ ᠰ** ᠠᠷᠢᠬᠢ ᠣᠣᠭᠣᠭᠰᠨ ᠳᠠᠷᠠᠭ᠎ᠠ ᠂ ᠡᠬᠡᠨᠡᠷ ᠡ** ᠲᠠᠢ ᠪᠡᠨ ᠬᠡᠷᠡᠭᠦᠯ ᠪᠣᠯᠵᠤ ᠂ ᠡ**ᠭᠡᠵᠢᠭᠡᠨ ᠡᠴᠡ ᠦᠰᠦᠲᠡᠵᠦ ᠬᠠᠴᠠᠷ ᠲᠣᠯᠣᠭᠠᠢ ᠨᠢ ᠠᠯᠠᠭᠠᠳᠠᠨ ᠰᠢᠭᠠᠵᠤ᠂ ᠬᠠᠨᠵᠣᠨ ᠱᠦᠭᠦᠷ ᠂ ᠴᠠᠬᠢᠯᠭᠠᠨ ᠴᠡᠨᠡᠭᠯᠡᠬᠦ ᠣᠳᠠᠰᠣ ᠵᠡᠷᠭᠡ ᠪᠠᠭᠠᠵᠢ ᠪᠡᠷ ᠡ**ᠨᠢᠳᠦ᠂ ᠭᠠᠷ ᠢ ᠴᠤᠬᠢᠵᠤ᠂ ᠦᠪᠡᠷᠱᠠᠬᠠᠢ ᠵᠢᠨ ᠣᠭᠣᠰᠣᠷ ᠢᠶᠠᠨ ᠲᠠᠶᠢᠯᠵᠣ ᠡ**ᠬᠦᠯ ᠭᠠᠷ ᠢ ᠬᠠᠭᠠᠰ ᠴᠠᠭ ᠤᠷᠴᠢᠮ ᠣᠶᠠᠭᠰᠠᠨ ᠳᠠᠷᠠᠭ᠎ᠠ᠂ ᠣᠶᠠᠭᠠᠰᠣ ᠨᠢ ᠲᠠᠯᠪᠢᠵᠣ ᠦᠭᠭᠦᠭᠡᠳ ᠣᠨᠲᠠᠪᠠ᠃ ᠳᠠᠷᠠᠭ᠎ᠠ ᠡᠳᠦᠷ ᠦᠷᠯᠦᠭᠡᠨ ᠦ 4 ᠴᠠᠭᠣᠷᠴᠢᠮ ᠢᠶᠠᠷ ᠂ ᠰ** ᠲᠠᠬᠢᠨᠳᠠ ᠡ** ᠬᠠᠴᠠᠷ᠂ ᠨᠢᠭᠤᠷ ᠢ ᠤᠯᠠᠨ ᠣᠳᠠᠭ᠎ᠠ ᠠᠯᠠᠭᠠᠳᠠᠨ ᠴᠤᠬᠢᠭᠰᠠᠨ ᠪᠠᠵᠢᠨ᠎ᠠ᠃ ᠬᠠᠤᠯᠢ ᠵᠢᠨ ᠡᠮᠴᠢ ᠵᠢᠨ ᠬᠢᠨᠠᠨ ᠲᠤᠭᠳᠠᠭᠠᠯᠳᠠ ᠦᠨᠳᠦᠰᠦᠯᠡᠪᠡᠯ᠂ ᠬᠤᠤᠷᠯᠠᠭᠳᠠᠭᠴᠢ ᠡ** ᠰᠢᠷᠬ᠎ᠠ ᠨᠢ ᠬᠦᠩᠭᠡᠨ ᠰᠢᠷᠬ᠎ᠠ ᠵᠢᠨ ᠬᠤᠶᠠᠳᠤᠭᠠᠷ ᠲᠠᠰ ᠲᠦ ᠬᠦᠷᠴᠡᠢ᠃
ᠡᠬᠦᠨ ᠡᠴᠡ ᠭᠠᠳᠠᠨ᠎ᠠ᠂ 2021ᠣᠨ 2ᠰᠠᠷ᠎ᠠ ᠵᠢᠨ10 ᠡᠲᠦᠷ ᠣᠷᠴᠢᠮ᠂ 2ᠰᠠᠷ᠎ᠠ ᠵᠢᠨ26 ᠡᠲᠦᠷ ᠦᠷᠯᠦᠭᠡ᠂ ᠰ** ᠬᠤᠵᠢᠨ᠎ᠠ ᠡᠮᠤᠨ᠎ᠡ ᠬᠤᠶᠠᠷ ᠤᠳᠠᠭ᠎ᠠ ᠠᠷᠰᠠᠷ ᠶᠠᠪᠤᠳᠠᠯ ᠡᠴᠡ ᠡ** ᠲᠠᠢ ᠬᠡᠷᠡᠭᠦᠯ ᠪᠣᠯᠵᠤ᠂ ᠭᠠᠷ ᠬᠦᠳᠡᠯᠦᠨ ᠡ** ᠬᠠᠴᠠᠷ᠂ ᠲᠤᠯᠤᠭᠠᠢ ᠤᠷᠤᠭᠤ ᠨᠢᠳᠦᠷᠭᠠᠳᠤᠨ ᠰᠢᠭᠠᠵᠤ᠂ ᠮᠤᠷᠢᠨ ᠲᠠᠰᠢᠭᠤᠷ ᠵᠢᠨᠷ ᠲᠠᠰᠢᠭᠤᠷᠳᠠᠨ ᠴᠤᠬᠢᠵᠤ ᠦᠩᠭᠡᠷᠡᠵᠡᠢ᠃
ᠭᠡᠷᠡᠭ ᠲᠠᠷᠠᠭ᠎ᠠ ᠂ ᠬᠤᠤᠷᠯᠠᠭᠳᠠᠭᠴᠢ ᠡ** ᠵᠠᠭᠠᠯᠳᠤᠭᠳᠠᠭᠴᠢ ᠰ** ᠵᠢᠨ ᠦᠢᠯᠡ ᠠᠵᠢᠯᠯᠠᠭ᠎ᠠ ᠳ᠋ᠦ ᠠᠭᠣᠴᠢᠯᠠᠯᠪᠢᠴᠢᠭ ᠭᠠᠷᠭᠠᠭᠰᠠᠨ ᠪᠠᠵᠢᠨ᠎ᠠ ᠃
ᠳᠡᠭᠡᠷᠡᠬᠢ ᠪᠣᠳᠠᠲᠣ ᠬᠡᠷᠡᠭ ᠢ ᠳᠣᠣᠷᠠᠬᠢ ᠮᠡᠲᠦ ᠭᠡᠷᠡᠴᠢ ᠪᠠᠷᠢᠮᠳᠠ ᠭᠡᠷᠡᠴᠢᠯᠡᠵᠦ ᠪᠠᠵᠢᠨ᠎ᠠ ᠄
1. ᠪᠣᠳᠠᠰᠭᠡᠷᠡᠴᠢ᠄ ᠮᠣᠷᠢᠨ ᠳᠠᠰᠢᠭᠣᠷ᠂ ᠬᠠᠨᠵᠤᠨ ᠱᠦᠭᠦᠷ᠂ ᠴᠠᠬᠢᠯᠭᠠᠨ ᠴᠡᠨᠡᠭᠯᠡᠬᠦ ᠣᠳᠠᠰᠣ᠂ ᠱᠠᠬᠠᠢ ᠵᠢᠨ ᠣᠭᠣᠰᠣᠷ᠂ ᠭᠠᠷ ᠣᠳᠠᠰᠣ︔2. ᠪᠢᠴᠢᠭᠭᠡᠷᠡᠴᠢ᠄ ᠬᠡᠷᠡᠭ ᠢ ᠬᠦᠯᠢᠶᠡᠨ ᠠᠪᠣᠭᠰᠠᠨ ᠳᠠᠩᠰᠠᠯᠠᠯ ᠂ ᠬᠡᠷᠡᠭ ᠪᠣᠯᠭᠠᠨ ᠳᠠᠩᠰᠠᠯᠠᠬᠤ ᠲᠤᠭᠲᠠᠭᠠᠯᠪᠢᠴᠢᠭ᠂ ᠡᠷᠦᠬᠡ ᠠᠮᠠ ᠵᠢᠨ ᠭᠡᠷᠡᠴᠢ᠂ ᠵᠠᠭᠠᠯᠳᠣᠭᠳᠠᠭᠴᠢ ᠵᠢᠨ ᠦᠨᠳᠦᠰᠦᠨ ᠪᠠᠶᠢᠳᠠᠯ᠂ ᠬᠡᠷᠡᠭ ᠲᠦ ᠢᠷᠡᠭᠰᠡᠨ ᠪᠠᠶᠢᠳᠠᠯᠲᠣᠳᠣᠷᠬᠠᠶᠢᠯᠠᠯ᠂ ᠭᠡᠷᠡᠴᠢ ᠪᠠᠷᠢᠮᠳᠠ ᠳᠠᠷᠣᠵᠣ ᠠᠪᠬᠤ ᠳᠣᠭᠲᠠᠭᠠᠯᠪᠢᠴᠢᠭ᠂ ᠭᠡᠷᠡᠴᠢ ᠪᠠᠷᠢᠮᠳᠠ ᠳᠠᠷᠣᠵᠣ ᠠᠪᠣᠭᠰᠠᠨ ᠳᠠᠩᠰᠠᠯᠠᠯ᠂ ᠰᠢᠯᠭᠠᠨ ᠳᠣᠭᠲᠠᠭᠠᠯᠭᠠᠬᠤ ᠤᠷᠢᠯᠭ᠎ᠠ ᠵᠢᠨ ᠪᠢᠴᠢᠭ᠂ ᠰᠢᠯᠭᠠᠨ ᠳᠣᠭᠲᠠᠭᠠᠭᠰᠠᠨ ᠰᠠᠨᠠᠯᠮᠡᠳᠡᠭᠳᠡᠯᠪᠢᠴᠢᠭ᠂ ᠵᠠᠰᠠᠭ ᠵᠠᠬᠢᠷᠭᠠᠨ ᠰᠢᠳᠬᠡᠯ ᠢᠶᠡᠷ ᠰᠢᠳᠬᠡᠬᠦ ᠳᠣᠭᠲᠠᠭᠠᠯᠪᠢᠴᠢᠭ᠂ ᠠᠭᠣᠴᠢᠯᠠᠯᠪᠢᠴᠢᠭ ᠵᠡᠷᠭᠡ︔ 3. ᠭᠡᠷᠡᠴᠢᠯᠡᠭᠴᠢ ᠳ᠋**᠂ ᠲ**᠂ ᠢᠤᠢ**᠂ ᠣ** ᠵᠢᠨ ᠭᠡᠷᠡᠴᠢ ᠦᠭᠡᠰ︔ 4. ᠬᠣᠣᠷᠯᠠᠭᠳᠠᠭᠴᠢ ᠡ**ᠲᠣᠭᠠᠴᠢᠯᠲᠠ︔5. ᠵᠠᠭᠠᠯᠳᠤᠭᠳᠠᠭᠴᠢ ᠰ** ᠵᠢᠨ ᠦᠴᠢᠭᠯᠡᠯᠲᠡ ᠪᠠ ᠲᠠᠶᠢᠯᠠᠪᠤᠷᠢᠯᠠᠯᠲᠠ︔ 6.ᠰᠢᠯᠭᠠᠨ ᠲᠤᠭᠲᠠᠭᠠᠯᠲᠠ ᠵᠢᠨ ᠰᠠᠨᠠᠯᠪᠢᠴᠢᠭ︔ 7.ᠪᠠᠶᠢᠴᠠᠭᠠᠭᠰᠠᠨ ᠲᠡᠮᠳᠡᠭᠯᠡᠯ︵ᠪᠠᠶᠢᠴᠠᠭᠠᠭᠰᠠᠨ ᠰᠡᠭᠦᠳᠡᠷ 14 ᠬᠤᠪᠢ ᠲᠠᠭᠠᠯᠳᠤᠭᠤᠯᠪᠠ︶︔8. ᠦᠵᠡᠵᠦ ᠰᠣᠨᠣᠰᠬᠣ ᠮᠠᠲᠸᠷᠢᠶᠠᠯ᠄ ᠲᠣᠬᠠᠢ ᠵᠢᠨ ᠲᠠᠯᠠᠪᠣᠷ ᠪᠠ ᠪᠣᠳᠠᠰᠭᠡᠷᠡᠴᠢ ᠵᠢᠨ ᠰᠡᠭᠦᠳᠡᠷ ᠨᠡᠶᠢᠳᠡ 9 ᠬᠤᠪᠢ ᠃
ᠳᠡᠭᠡᠷᠡᠬᠢ ᠭᠡᠷᠡᠴᠢ ᠪᠠᠷᠢᠮᠲᠠ ᠵᠢᠨ ᠢᠷᠡᠯᠲᠡ ᠨᠢ ᠬᠠᠤᠯᠢ ᠳᠤ ᠨᠡᠶᠢᠴᠡᠨ᠂ ᠠᠭᠣᠯᠭ᠎ᠠ ᠨᠢ ᠦᠨᠡᠨ ᠪᠣᠳᠠᠲᠠᠢ ᠪᠠᠶᠢᠵᠣ᠂ ᠬᠡᠷᠡᠭᠪᠣᠳᠠᠲᠣ ᠶᠠᠪᠣᠳᠠᠯ ᠢ ᠪᠦᠷᠢᠮᠦᠰᠦᠨ ᠨᠤᠲᠠᠯᠠᠵᠤ ᠳᠠᠶᠢᠯᠦᠨ᠎ᠡ᠃ ᠵᠠᠭᠠᠯᠳᠤᠭᠳᠠᠭᠴᠢ ᠰ** ᠬᠡᠷᠡᠭᠪᠣᠳᠠᠲᠣ ᠶᠠᠪᠣᠳᠠᠯ ᠪᠠ ᠭᠡᠷᠡᠴᠢ ᠳᠦ ᠰᠠᠨᠠᠯ ᠦᠭᠡᠢ ᠮᠦᠷᠲᠡᠭᠡᠨ ᠦᠪᠡᠷᠳᠤᠷᠠ ᠠᠴᠠ ᠪᠠᠨ ᠶᠠᠯ᠎ᠠ ᠪᠠᠨ ᠮᠡᠳᠡᠷᠡᠵᠦ ᠰᠢᠳᠬᠡᠯ ᠢᠶᠡᠨ ᠬᠦᠯᠢᠶᠡᠵᠡᠢ᠃
ᠲᠤᠰ ᠬᠤᠷᠢᠶᠠᠨ ᠦᠵᠡᠬᠦ ᠪᠡᠷ᠂ ᠵᠠᠭᠠᠯᠳᠤᠭᠳᠠᠭᠴᠢ ᠰ** ᠪᠣᠰᠣᠳᠪᠡᠶᠡ ᠮᠠᠬᠠᠪᠣᠳ ᠢ ᠵᠣᠷᠢᠭᠣᠳᠠ ᠭᠡᠮᠲᠦᠭᠡᠵᠦ᠂ ᠬᠤᠤᠷᠯᠠᠭᠳᠠᠭᠴᠢ ᠵᠢᠨ ᠰᠢᠷᠬ᠎ᠠ ᠨᠢ ᠬᠦᠩᠭᠡᠨ ᠰᠢᠷᠬ᠎ᠠ ᠵᠢᠨ ᠬᠤᠶᠠᠳᠤᠭᠠᠷ ᠲᠠᠰ ᠲᠦ ᠬᠦᠷᠦᠭᠰᠡᠨ ᠲᠤᠯᠠ ᠂ ᠵᠠᠭᠠᠯᠳᠤᠭᠳᠠᠭᠴᠢ ᠵᠢᠨ ᠦᠢᠯᠡ ᠠᠵᠢᠯᠯᠠᠭ᠎ᠠ ᠨᠢ ᠵᠤᠷᠢᠭᠤᠳᠠ ᠬᠡᠮᠳᠤᠭᠡᠭᠰᠡᠨ ᠶᠠᠯ᠎ᠠ ᠳᠤ ᠬᠦᠷᠴᠦ᠂ ᠪᠦᠬᠦᠳᠠ ᠨᠠᠶᠢᠷᠠᠮᠳᠠᠬᠤ ᠲᠤᠮᠳᠠᠳᠦ ᠠᠷᠠᠳ︽ᠤᠯᠤᠰᠡᠷᠡᠭᠦᠦ ᠵᠢᠨ ᠬᠠᠣᠯᠢ︾ ᠵᠢᠨ ᠬᠣᠶᠠᠷ ᠵᠠᠭᠤ ᠭᠣᠴᠢᠨ ᠳᠦᠷᠪᠡᠳᠦᠭᠡᠷ ᠵᠦᠢᠯᠨᠢᠭᠡᠳᠦᠭᠡᠷ ᠵᠣᠷᠪᠣᠰᠲᠤᠭᠳᠠᠭᠠᠯ ᠶᠣᠰᠣᠭᠠᠷ ᠡᠷᠡᠭᠦᠦ ᠵᠢᠨ ᠬᠠᠷᠢᠭᠣᠴᠠᠯᠭ᠎ᠠ ᠨᠡᠬᠡᠮᠵᠢᠯᠡᠪᠡᠯ ᠵᠣᠬᠢᠨ᠎ᠠ᠃ ᠵᠠᠭᠠᠯᠳᠤᠭᠳᠠᠭᠴᠢ ᠰ** ᠦᠪᠡᠷᠶᠠᠯᠠᠳᠦ ᠠᠵᠢᠯᠯᠠᠭ᠎ᠠ ᠪᠠᠨ ᠦᠨᠡᠨ ᠮᠦᠨ ᠢᠶᠡᠷ ᠨᠢ ᠦᠴᠢᠭᠯᠡᠨ᠂ ᠶᠠᠯ᠎ᠠ ᠪᠠᠨ ᠮᠡᠳᠡᠷᠡᠵᠦ ᠰᠢᠳᠬᠡᠯ ᠢᠶᠡᠨ ᠬᠦᠯᠢᠶᠡᠵᠦ ᠪᠠᠶᠢᠭ᠎ᠠ ᠲᠤᠯᠠ《 ᠪᠦᠭᠦᠳᠡ ᠨᠠᠶᠢᠷᠠᠮᠳᠠᠬᠣ ᠳᠣᠮᠳᠠᠳᠣ ᠠᠷᠠᠳ ᠤᠯᠤᠰᠡᠷᠡᠭᠦᠦ ᠵᠢᠨ ᠬᠠᠣᠯᠢ》 ᠵᠢᠨ ᠵᠢᠷᠠᠨ ᠳᠣᠯᠣᠳᠣᠭᠠᠷ ᠵᠦᠢᠯᠭᠣᠷᠪᠠᠳᠣᠭᠠᠷ ᠵᠣᠷᠪᠣᠰ᠂《ᠪᠦᠭᠦᠳᠡ ᠨᠠᠶᠢᠷᠠᠮᠳᠠᠬᠣ ᠳᠣᠮᠳᠠᠳᠣ ᠠᠷᠠᠳ ᠤᠯᠤᠰᠡᠷᠡᠭᠦᠦ ᠵᠢᠨ ᠵᠠᠷᠭᠤ ᠵᠢᠨ ᠬᠠᠣᠯᠢ 》 ᠵᠢᠨ ᠠᠷᠪᠠᠨ ᠲᠠᠪᠣᠳᠣᠭᠠᠷ ᠵᠦᠢᠯᠲᠤᠭᠳᠠᠭᠠᠯ ᠢᠶᠠᠷ ᠠᠭᠤᠴᠢᠯᠠᠨ ᠰᠢᠳᠬᠡᠵᠦ ᠪᠤᠯᠤᠨ᠎ᠠ᠃ ᠭᠡᠷᠡᠭ ᠲᠠᠷᠠᠭ᠎ᠠ ᠬᠤᠤᠷᠯᠠᠭᠳᠠᠭᠴᠢ ᠡ** ᠵᠠᠭᠠᠯᠳᠤᠭᠳᠠᠭᠴᠢ ᠰ** ᠵᠢᠨ ᠦᠢᠯᠡ ᠠᠵᠢᠯᠯᠠᠭ᠎ᠠ ᠳ᠋ᠦ ᠠᠭᠣᠴᠢᠯᠠᠯᠪᠢᠴᠢᠭ ᠭᠠᠷᠭᠠᠭᠰᠠᠨ ᠲᠤᠯᠠ ᠂ ᠵᠤᠬᠢᠰ ᠢ ᠨᠢ ᠦᠵᠡᠵᠤ ᠬᠦᠩᠭᠡᠨ ᠵᠢᠨᠷ ᠰᠢᠳᠬᠡᠵᠤ ᠪᠤᠯᠤᠨ᠎ᠠ᠃ ︽ᠪᠥᠭᠦᠳᠡ ᠨᠠᠶᠢᠷᠠᠮᠳᠠᠬᠤ ᠲᠤᠮᠳᠠᠳᠦ ᠠᠷᠠᠳ ᠤᠯᠤᠰᠡᠷᠡᠭᠦᠦ ᠵᠢᠨ ᠵᠠᠷᠭᠤ ᠵᠢᠨ ᠬᠠᠣᠯᠢ︾ ᠵᠢᠨ ᠨᠢᠭᠡ ᠵᠠᠭᠤ ᠳᠠᠯᠠᠨ ᠵᠢᠷᠭᠣᠳᠣᠭᠠᠷ ᠵᠦᠢᠯᠨᠢᠭᠡᠳᠦᠭᠡᠷ ᠵᠣᠷᠪᠣᠰ᠂ ᠬᠣᠶᠠᠳᠣᠭᠠᠷ ᠵᠤᠷᠪᠤᠰᠲᠤᠭᠳᠠᠭᠠᠯ ᠢ ᠦᠨᠳᠦᠰᠦᠯᠡᠨ ᠵᠠᠭᠠᠯᠳᠤᠭᠳᠠᠭᠴᠢ ᠰ** ᠳ᠋ᠦ ᠠᠯᠪᠠᠨ ᠵᠠᠭᠠᠯᠳᠤᠯᠭ᠎ᠠ ᠬᠢᠵᠦ ᠪᠠᠵᠢᠨ᠎ᠠ᠂ ᠶᠠᠯᠠᠯᠠᠨ ᠰᠢᠳᠬᠡᠬᠦ ᠪᠤᠯᠪᠠᠤ᠃
ᠡᠭᠦᠨᠠ
ᠪᠠᠭᠠᠷᠢᠨ ᠪᠠᠷᠠᠭᠤᠨ ᠬᠤᠰᠢᠭᠤᠨ ᠠᠷᠠᠳᠰᠢᠬᠦᠬᠦ ᠬᠤᠷᠢᠶ᠎ᠠ ᠳᠤ
︵ ᠲᠤᠰ ᠨᠢᠭᠤᠷ ᠲᠦ ᠭᠤᠤᠯ ᠠᠭᠤᠯᠭ᠎ᠠ ᠦᠭᠡᠢ︶
ᠪᠠᠶᠢᠴᠠᠭᠠᠭᠴᠢ᠄ ᠮᠠᠩᠯᠠᠶᠢᠴᠡᠴᠡᠭ
ᠪᠠᠶᠢᠴᠠᠭᠠᠭᠴᠢ ᠲᠣᠰᠠᠯᠠᠭᠴᠢ᠄ ᠰᠣᠶᠣᠯ
2021ᠤᠨ ᠦ 5 ᠰᠠᠷ᠎ᠠ ᠵᠢᠨ 13 ᠡᠲᠦᠷ
ᠲᠠᠭᠠᠯᠳᠤᠭᠤᠯᠤᠯ ᠄ 1. ᠵᠠᠭᠠᠯᠳᠤᠭᠳᠠᠭᠴᠢ ᠰ** ᠡᠳᠦᠭᠡ ᠰᠠᠭᠤᠭ᠎ᠠ ᠭᠠᠵᠠᠷ ᠲᠤ ᠪᠠᠨ ᠪᠠᠲᠤᠯᠠᠭ᠎ᠠ ᠠᠪᠴᠤ ᠰᠢᠬᠦᠯᠲᠡ ᠬᠦᠯᠢᠶᠡᠵᠦ ᠪᠣᠢ︔
2. ᠲᠤᠰ ᠬᠡᠷᠡᠭᠲᠤᠷᠰᠢᠨ ᠪᠠᠶᠢᠴᠠᠭᠠᠯᠲᠠ ᠵᠢᠨ ᠡᠪᠬᠡᠮᠡᠯ ᠬᠣᠶᠠᠷ ᠲᠡᠪᠳᠡᠷ ︔
3. ᠡᠷᠡᠭᠦᠦ ᠤᠨᠤᠭᠳᠠᠭᠤᠯᠬᠤ ᠰᠠᠨᠠᠭᠤᠯᠭ᠎ᠠ ᠵᠢᠨ ᠪᠢᠴᠢᠭ᠂ ᠶᠠᠯ᠎ᠠ ᠪᠠᠨ ᠮᠡᠳᠡᠷᠡᠵᠦ ᠰᠢᠳᠬᠡᠯ ᠢᠶᠡᠨ ᠬᠦᠯᠢᠶᠡᠬᠦ ᠪᠠᠲᠣᠯᠠᠭ᠎ᠠ ᠵᠢᠨ ᠪᠢᠴᠢᠭ ᠲᠣᠰᠪᠦᠷᠢ ᠨᠢᠭᠡ ᠬᠤᠪᠢ ︔
4. ᠳᠦᠭᠦᠮ ᠵᠢᠷᠣᠮ ᠢ ᠲᠤᠬᠢᠷᠠᠭᠤᠯᠤᠨ ᠬᠡᠷᠡᠭᠯᠡᠬᠦ ᠰᠠᠨᠠᠯᠪᠢᠴᠢᠭ ᠨᠢᠭᠡ ᠬᠤᠪᠢ᠃