ᠠᠷᠠᠳᠪᠠᠶᠢᠴᠠᠭᠠᠬᠤ ᠬᠤᠷᠢᠶ᠎ᠠ ᠵᠢᠨ ᠵᠠᠭᠠᠯᠳᠤᠬᠤ ᠪᠢᠴᠢᠭ
2020 17 ᠳ᠋ᠤᠭᠠᠷ
ᠵᠠᠭᠠᠯᠳᠤᠭᠳᠠᠭᠴᠢ ᠬᠦᠮᠥᠨ ᠰᠦᠨ ᠤᠪᠤᠭᠳᠤ 1971 ** ** ᠪᠠᠯᠠᠢ 1529221971****** ** ᠦᠪᠦᠷ ᠮᠤᠩᠭᠤᠯᠦᠪᠡᠷᠳᠡᠭᠡᠨ ᠵᠠᠰᠠᠬᠤ ᠤᠷᠤᠨ ᠠᠯᠠᠱᠨ ᠪᠠᠷᠠᠭᠤᠨ ᠬᠤᠰᠢᠭᠤᠨ ** ᠭᠠᠴᠠᠭᠠᠨ ** ᠨᠣᠮᠧᠷ ᠡᠳᠦᠭᠡ ᠰᠠᠭᠤᠭ᠎ᠠ ᠦᠪᠦᠷ ᠮᠤᠩᠭᠤᠯᠦᠪᠡᠷᠳᠡᠭᠡᠨ ᠵᠠᠰᠠᠬᠤ ᠤᠷᠤᠨ ᠠᠯᠠᠱᠨ ᠪᠠᠷᠠᠭᠤᠨ ᠬᠤᠰᠢᠭᠤᠨ ** ᠪᠠᠯᠭᠠᠰᠤᠨ ᠳᠦ ᠰᠠᠭᠤᠵᠤ ᠪᠠᠵᠢᠨ᠎ᠠ ᠲᠦᠷᠦᠭᠦᠦ ᠰᠢᠢᠳᠭᠡᠯ ᠦᠭᠡᠢ 2020 3 12 ᠰᠡᠵᠢᠭᠯᠡᠭᠳᠡᠵᠦ ᠂ ᠠᠯᠠᠱᠠ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶ᠎ᠡ ᠡᠴᠡ ᠰᠢᠭᠦᠯᠳᠠ ᠬᠦᠯᠢᠶᠡᠯᠭᠡᠪᠡ 2020 7 22 ᠠᠯᠠᠱᠠ ᠪᠠᠷᠠᠭᠤᠨ ᠬᠤᠰᠢᠭᠤᠨ ᠠᠷᠠᠳᠪᠠᠶᠢᠴᠠᠭᠠᠬᠤ ᠬᠤᠷᠢᠶ᠎ᠠ ᠡᠴᠡ ᠰᠢᠭᠦᠯᠳᠠ ᠬᠦᠯᠢᠶᠡᠯᠭᠡᠪᠡ
ᠵᠠᠭᠠᠯᠳᠤᠭᠳᠠᠭᠴᠢ ᠬᠦᠮᠥᠨ ᠵᠢᠨ ᠤᠪᠤᠭᠳᠤ ᠂ ᠤᠤᠯᠨᠡᠷᠡ ᠴᠠ ᠤᠪᠤᠭᠳᠤ ᠂ ᠡᠮᠩᠲᠡᠢ ᠂1978 ᠤᠨ ** ᠰᠠᠷ᠎ᠠ ᠵᠢᠨ** ᠡᠲᠦᠷ ᠂ ᠰᠤᠶᠤᠯᠬᠡᠮᠵᠢᠶᠡ ᠪᠠᠭ᠎ᠠ ᠰᠤᠷᠭᠠᠭᠤᠯᠢ 1529221978******** ᠦᠪᠦᠷ ᠮᠤᠩᠭᠤᠯᠦᠪᠡᠷᠳᠡᠭᠡᠨ ᠵᠠᠰᠠᠬᠤ ᠤᠷᠤᠨ ᠠᠯᠠᠱᠨ ᠪᠠᠷᠠᠭᠤᠨ ᠬᠤᠰᠢᠭᠤᠨ ** ᠰᠤᠮᠤᠨ ** ᠭᠠᠴᠠᠭᠠᠨ ** ᠨᠣᠮᠧᠷ ᠂ ᠡᠳᠦᠭᠡ ᠰᠠᠭᠤᠭ᠎ᠠ ᠭᠠᠵᠠᠷ᠄ ᠦᠪᠦᠷ ᠮᠤᠩᠭᠤᠯᠦᠪᠡᠷᠳᠡᠭᠡᠨ ᠵᠠᠰᠠᠬᠤ ᠤᠷᠤᠨ ᠠᠯᠠᠱᠨ ᠪᠠᠷᠠᠭᠤᠨ ᠬᠤᠰᠢᠭᠤᠨ ** ᠪᠠᠯᠭᠠᠰᠤᠨ ᠳᠦ ᠰᠠᠭᠤᠵᠤ ᠪᠠᠵᠢᠨ᠎ᠠ ᠂ ᠠᠵᠢᠯ ᠲᠦᠷᠦᠯ᠄ ᠂ ᠲᠦᠷᠦᠭᠦᠦ ᠰᠢᠢᠳᠭᠡᠯ ᠦᠭᠡᠢ 2020 3 12 ᠰᠡᠵᠢᠭᠯᠡᠭᠳᠡᠵᠦ ᠠᠯᠠᠱᠠ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶ᠎ᠡ ᠡᠴᠡ ᠰᠢᠭᠦᠯᠳᠠ ᠶᠢ ᠬᠦᠯᠢᠶᠡᠯᠭᠡᠪᠡ 2020 7 22 ᠠᠯᠠᠱᠠ ᠪᠠᠷᠠᠭᠤᠨ ᠬᠤᠰᠢᠭᠤᠨ ᠠᠷᠠᠳᠪᠠᠶᠢᠴᠠᠭᠠᠬᠤ ᠬᠤᠷᠢᠶ᠎ᠠ ᠡᠴᠡ ᠰᠢᠭᠦᠯᠳᠠ ᠬᠦᠯᠢᠶᠡᠯᠭᠡᠪᠡ
ᠲᠤᠰ ᠬᠡᠷᠡᠭ ᠢ ᠠᠯᠠᠱᠨ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶ᠎ᠠ ᠲᠤᠷᠰᠢᠨ ᠪᠠᠶᠢᠴᠠᠭᠠᠨ ᠲᠠᠭᠤᠰᠴᠤ ᠂ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠶᠡᠯ᠎ᠠ ᠰᠡᠵᠢᠭᠯᠡᠭᠳᠡᠵᠦ ᠂ 2020 ᠤᠨ 7 ᠰᠠᠷ᠎ᠠ ᠵᠢᠨ 22 ᠡᠳᠤᠷ ᠮᠠᠨ ᠬᠤᠷᠢᠶᠠᠨ ᠳᠤ ᠬᠢᠨᠠᠨ ᠵᠠᠭᠠᠯᠳᠤᠭᠤᠯᠬᠤ ᠪᠠᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶ᠎ᠠ ᠬᠦᠯᠢᠶᠡᠨ ᠠᠪᠤᠭᠰᠠᠨ ᠲᠠᠷᠠᠭ᠎ᠠ ᠂ 2020 ᠤᠨ 7 ᠰᠠᠷ᠎ᠠ ᠵᠢᠨ 22 ᠡᠳᠤᠷ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠳ᠋ᠦ ᠦᠮᠦᠭᠯᠡᠭᠴᠢ ᠨᠠᠶᠢᠳᠠᠬᠤ ᠡᠷᠬᠡ ᠲᠠᠢ ᠭᠡᠳᠡᠭ ᠢ ᠮᠡᠳᠡᠭᠳᠡᠵᠦ 2020 7 29 ᠪᠤᠳᠠᠳᠤ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠲᠦᠷᠭᠡᠨ
ᠬᠠᠤᠯᠢ ᠶᠤᠰᠤᠭᠠᠷ ᠬᠢᠨᠠᠨ ᠪᠠᠶᠢᠴᠠᠭᠠᠵᠦ ᠲᠤᠳᠤᠯᠠᠭᠰᠠᠨ ᠨᠢ ᠄ 2020 ᠤᠨ 1 27 ᠡᠳᠦᠷ ᠂ ᠬᠦᠮᠦᠨ ᠰᠦᠨ ᠤᠪᠤᠭᠳᠤ ᠵᠢᠨ ᠤᠪᠤᠭᠳᠤ ᠬᠤᠶᠠᠭᠤᠯᠠ ᠪᠠᠨ ᠮᠦᠩᠭᠦᠨ ᠰᠡᠷᠡᠯ ᠦᠩᠭᠡᠲᠡᠢ ᠵᠢᠶ᠋ᠸ ᠳ᠋ᠠ ᠲᠡᠮᠲᠡᠭᠲᠦ ᠮᠠᠰᠢᠨ ᠲᠡᠷᠭᠡ ︵蒙M****9) ᠪᠠᠨ ᠵᠢᠯᠤᠭᠤᠳᠴᠤ ** ᠪᠠᠯᠭᠠᠰᠤᠨ ᠭᠡᠷ ᠡᠴᠡ ᠪᠠᠨ ᠭᠠᠷᠴᠦ ᠠᠯᠠᠱᠠ ᠪᠠᠷᠠᠭᠤᠨ ᠬᠤᠰᠢᠭᠤᠨ ** ᠰᠤᠮᠤ ᠵᠦᠭ ᠵᠠᠮ ᠳᠠᠭᠠᠵᠤ ᠤᠮᠳᠠᠭᠠᠨ ᠯᠤᠩᠬᠤ ᠲᠡᠭᠦᠵᠦ ᠶᠠᠪᠤᠬᠤ ᠵᠠᠮ ᠳᠠᠭᠠᠨ᠂ ᠬᠦᠮᠦᠨ ᠰᠦᠨ ᠤᠪᠤᠭᠳᠤ ᠬᠤᠤᠷᠯᠠᠭᠳᠠᠭᠴᠢ ᠪᠠᠲᠦ ᠤᠪᠤᠭᠳᠤ ᠵᠢᠨ ᠭᠡᠷ ᠲᠦ ᠬᠦᠮᠦᠨ ᠦᠭᠡᠢ ᠪᠠᠶᠢᠬᠤ ᠮᠡᠳᠡᠵᠦ ᠪᠠᠶᠢᠬᠤ ᠪᠠᠶᠢᠳᠠᠯ ᠳᠤᠤᠷ᠎ᠠ᠂ ** ᠰᠤᠮᠤᠨ ᠡᠴᠡ ᠬᠤᠯᠠ ᠦᠭᠡᠢ ᠪᠠᠲᠦ ᠤᠪᠤᠭᠳᠤ ᠵᠢᠨ ᠭᠡᠷ ᠲᠦ ᠤᠴᠢᠵᠤ ᠬᠤᠶᠠᠭᠤᠯᠠ ᠭᠠᠤᠯᠢᠨ ᠪᠤᠷᠪᠢ᠂ ᠭᠠᠯᠲᠤᠯᠭᠠ ᠵᠡᠷᠭᠡ ᠦᠨᠳᠦᠰᠦᠲᠡᠨ ᠦ ᠬᠡᠷᠡᠭᠰᠡᠯ ᠠᠪᠬᠤ ᠳᠤᠷᠠᠳᠴᠤ ᠂ ᠦᠳᠡ ᠵᠢᠨ ᠬᠤᠵᠢᠨ᠎ᠠ ᠵᠢᠨ 3 ᠴᠠᠭᠦᠶ᠎ᠡ ᠪᠡᠷ ᠪᠠᠲᠦ ᠤᠪᠤᠭᠳᠤ ᠵᠢᠨ ᠭᠡᠷ ᠲᠦ ᠬᠦᠷᠴᠦ ᠂ ᠪᠠᠲᠦ ᠤᠪᠤᠭᠳᠤ ᠵᠢᠨ ᠭᠡᠷᠬᠦᠷᠢᠶᠡᠨ ᠳ᠋ᠠᠬᠢ ᠲᠡᠷᠭᠡᠨ ᠰᠠᠷᠠᠪᠴᠢ ᠵᠢᠨ ᠳᠤᠤᠷ᠎ᠠ ᠲᠠᠯᠪᠢᠵᠦ ᠪᠠᠶᠢᠭᠰᠠᠨ ᠬᠤᠶᠠᠷ ᠭᠠᠯᠲᠤᠯᠭᠠ ᠠᠪᠴᠤ ᠲᠡᠷᠭᠡᠨ ᠦ ᠠᠷᠤ ᠬᠠᠶᠢᠷᠴᠠᠭ ᠳ᠋ᠦ ᠬᠢᠵᠦ ᠲᠠᠯᠪᠢᠪᠠ ᠃ ᠳᠠᠬᠢᠨ ᠪᠠᠲᠦ ᠤᠪᠤᠭᠳᠤ ᠵᠢᠨ ᠭᠡᠷᠡᠮᠦᠨᠡ ᠲᠠᠯ᠎ᠠ ᠵᠢᠨ ᠮᠤᠩᠭᠤᠯ ᠭᠡᠷᠡᠭᠦᠳᠡᠨ ᠳ᠋ᠠᠬᠢ ᠡᠯᠭᠦᠳᠡᠭ ᠤᠨᠢᠰᠤ ᠶᠢ ᠬᠦᠵᠢᠨ ᠨᠡᠬᠡᠬᠡᠵᠦ ᠂ ᠬᠦᠮᠦᠨ ᠰᠦᠨ ᠤᠪᠤᠭᠳᠤ ᠵᠢᠨ ᠤᠪᠤᠭᠳᠤ ᠬᠤᠶᠠᠭᠤᠯᠠ ᠮᠤᠩᠭᠤᠯ ᠭᠡᠷᠳᠤᠲᠤᠷᠠ ᠤᠷᠤᠵᠤ ᠂ ᠪᠠᠷᠠᠭᠤᠨ ᠲᠠᠯ᠎ᠠ ᠵᠢᠨ ᠢᠰᠡᠭᠡᠢ ᠳᠡᠭᠡᠷ᠎ᠡ ᠲᠠᠯᠪᠢᠵᠤ ᠪᠠᠶᠢᠭᠰᠠᠨ ᠨᠢᠭᠡ ᠭᠠᠤᠯᠢᠨ ᠪᠦᠷᠪᠢ ᠂ ᠨᠢᠭᠡ ᠭᠠᠤᠯᠢᠨ ᠰᠠᠭᠤᠯᠭ᠎ᠠ᠂ ᠨᠢᠭᠡ ᠭᠠᠤᠯᠢᠨ ᠲᠠᠪᠠᠭ ᠢ ᠠᠪᠴᠤ ᠭᠠᠷᠭᠠᠨ᠂ ᠲᠡᠷᠭᠡᠨ ᠦ ᠠᠷᠤ ᠬᠠᠶᠢᠷᠴᠠᠭ ᠳ᠋ᠦ ᠬᠢᠵᠦ ᠲᠠᠯᠪᠢᠭᠠᠳ ᠂ ᠪᠠᠲᠦ ᠤᠪᠤᠭᠳᠤ ᠵᠢᠨ ᠭᠡᠷᠡᠭᠦᠳᠡᠨ ᠳ᠋ᠠᠬᠢ ᠤᠨᠢᠰᠤ ᠪᠦᠰ ᠢᠶᠡᠷ ᠪᠤᠭᠤᠵᠦ ᠡᠯᠭᠦᠭᠡᠳ᠂ ᠬᠤᠶᠠᠭᠤᠯᠠ ᠪᠠᠨ ᠲᠡᠷᠭᠡ ᠪᠠᠨ ᠵᠢᠯᠤᠭᠤᠳᠴᠤ ᠭᠡᠷ ᠲᠦ ᠪᠠᠨ ᠬᠠᠷᠢᠪᠠ᠃ ᠬᠤᠯᠠᠭᠠᠶᠢᠯᠠᠵᠤ ᠠᠪᠴᠢᠷᠠᠭᠰᠠᠨ ᠶᠠᠭᠤᠮ᠎ᠠ ᠪᠠᠨ ᠭᠡᠷ ᠤᠨ ᠢᠶᠠᠨ ᠡᠭᠦᠳᠡᠨ ᠭᠡᠷ ᠲᠦ ᠨᠢᠭᠤᠵᠤ ᠲᠠᠯᠪᠢᠪᠠ᠃ 2020 ᠤᠨ 3 ᠰᠠᠷ᠎ᠠ ᠳ᠋ᠦ ᠰᠦᠨ ᠤᠪᠤᠭᠳᠤ ᠂ ᠪᠠᠲᠦ ᠤᠪᠤᠭᠳᠤ ᠵᠢᠨ ᠭᠡᠷ ᠡᠴᠡ ᠬᠤᠯᠠᠭᠠᠶᠢᠯᠠᠵᠤ ᠠᠪᠴᠢᠷᠠᠭᠰᠠᠨ ᠬᠤᠶᠠᠷ ᠭᠠᠯᠲᠤᠯᠭᠠ᠂ ᠨᠢᠭᠡ ᠭᠠᠤᠯᠢᠨ ᠪᠦᠷᠪᠢ᠂ ᠨᠢᠭᠡ ᠭᠠᠤᠯᠢᠨ ᠰᠠᠭᠤᠯᠭ᠎ᠠ ᠪᠠᠨ ᠠᠪᠴᠤ ᠠᠯᠠᠱᠠ ᠵᠡᠭᠦᠨ ᠬᠤᠰᠢᠭᠤᠨ ᠪᠠᠶᠠᠨᠨᠢᠷᠤᠭᠤᠨ ᠰᠤᠮᠤᠨ ᠲᠤᠯᠢ ᠭᠠᠴᠠᠭᠠᠨ ᠮᠠᠯᠴᠢᠨ ᠪᠠ ᠭᠠ ᠤᠪᠤᠭᠳᠤ ᠲᠤ ᠠᠪᠴᠤ ᠤᠴᠢᠵᠤ ᠬᠤᠳᠠᠯᠳᠤᠪᠠ᠂ ᠬᠤᠶᠠᠷ ᠭᠠᠯᠲᠤᠯᠭᠠ 600 ᠲᠦᠭᠦᠷᠢᠭ ︵ ᠲᠤᠯᠭ᠎ᠠ ᠨᠢᠭᠡᠪᠦᠷᠢ 300 ᠲᠦᠭᠦᠷᠢᠭ︶᠂ ᠨᠢᠭᠡ ᠭᠠᠤᠯᠢᠨ ᠪᠦᠷᠪᠢ 500 ᠲᠦᠭᠦᠷᠢᠭ᠂ ᠨᠢᠭᠡ ᠭᠠᠤᠯᠢᠨ ᠰᠠᠭᠤᠯᠭ᠎ᠠ 300 ᠲᠦᠭᠦᠷᠢᠭ ᠢᠶᠠᠷ ᠬᠤᠳᠠᠯᠳᠤᠵᠤ᠂ ᠨᠡᠶᠢᠲᠡ 1400 ᠲᠦᠭᠦᠷᠢᠭ ᠠᠷᠠᠳᠵᠤᠭᠤᠰ ᠤᠯᠪᠠ ᠃ ᠨᠢᠭᠡ ᠭᠠᠤᠯᠢᠨ ᠲᠠᠪᠠᠭ ᠪᠠᠶᠠᠨᠬᠤᠲᠠ ᠪᠠᠯᠭᠠᠰᠤᠨ ᠠᠷᠠᠳ ᠾᠧ ᠤᠪᠤᠭᠳᠤ ᠳ᠋ᠦ 700 ᠲᠦᠭᠦᠷᠢᠭᠦᠨᠡ ᠪᠡᠷ ᠬᠤᠳᠠᠯᠳᠤᠨ ᠦᠭᠪᠡ᠃
2020 ᠤᠨ 3 11 ᠡᠳᠦᠷ ᠬᠦᠮᠦᠨ ᠰᠦᠨ ᠤᠪᠤᠭᠳᠤ ᠵᠢᠨ ᠤᠪᠤᠭᠳᠤ ᠬᠤᠶᠠᠭᠤᠯᠠ ᠪᠠᠨ ᠠᠯᠠᠱᠠ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶᠠᠨ ᠳ᠋ᠦ ᠪᠠᠷᠢᠪᠴᠢᠯᠠᠭᠳᠠᠵᠤ᠂ ᠬᠤᠶᠠᠭᠤᠯᠠ ᠦᠪᠡᠷᠬᠢᠭᠰᠡᠨ ᠶᠠᠯᠠᠲᠤ ᠠᠵᠢᠯᠯᠠᠭ᠎ᠠ ᠪᠠᠨ ᠨᠢᠭᠤᠯᠲᠠ ᠦᠭᠡᠢ ᠦᠴᠢᠭᠯᠡᠪᠡ ᠃
ᠠᠯᠠᠱᠠ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶ᠎ᠡ ᠂ ᠬᠦᠮᠦᠨ ᠰᠦᠨ ᠤᠪᠤᠭᠳᠤ ᠵᠢᠨ ᠤᠪᠤᠭᠳᠤ ᠵᠢᠨ ᠬᠤᠯᠠᠭᠠᠶᠢᠯᠠᠭᠰᠠᠨ ᠪᠤᠳᠠᠰ ᠲᠦ ᠦᠨ᠎ᠡ ᠬᠠᠩᠰᠢ ᠵᠢᠨ ᠬᠢᠨᠠᠨ ᠲᠣᠭᠲᠠᠭᠠᠯᠲᠠ ᠬᠢᠭᠰᠡᠨ ᠮᠦᠷᠲᠡᠭᠡᠨ ᠬᠢᠨᠠᠨ ᠲᠤᠭᠲᠠᠭᠠᠯᠲᠠ ᠵᠢᠨ ᠰᠠᠨᠠᠯ ᠨᠢ᠄ ᠦᠨ᠎ᠡ ᠬᠠᠩᠰᠢ ᠮᠠᠭᠠᠳᠯᠠᠨ ᠲᠤᠭᠲᠠᠭᠠᠬᠤ ᠪᠤᠳᠠᠰᠦᠨᠡ ᠬᠠᠩᠰᠢ ᠮᠠᠭᠠᠳᠯᠠᠨ ᠲᠤᠭᠲᠠᠭᠠᠬᠤ ᠪᠠᠷᠢᠮᠵᠢᠶᠠᠲ ᠡᠲᠦᠷ ᠵᠠᠬ᠎ᠠ ᠳᠡᠯᠭᠡᠭᠦᠷᠦᠨᠡ ᠬᠠᠩᠰᠢ ᠨᠢ᠄ ᠭᠠᠤᠯᠢᠨ ᠲᠠᠪᠠᠭ 867 ᠲᠦᠭᠦᠷᠢᠭ / ᠨᠢᠭᠡᠪᠦᠷᠢ᠂ ᠭᠠᠤᠯᠢᠨ ᠪᠦᠷᠪᠢ 500 ᠲᠦᠭᠦᠷᠢᠭ / ᠨᠢᠭᠡᠪᠦᠷᠢ᠂ ᠭᠠᠤᠯᠢᠨ ᠰᠠᠭᠤᠯᠭ᠎ᠠ 267ᠲᠦᠭᠦᠷᠢᠭ / ᠨᠢᠭᠡᠪᠦᠷᠢ᠂ ᠬᠤᠶᠠᠷ ᠭᠠᠯᠲᠤᠯᠭᠠ 47ᠲᠦᠭᠦᠷᠢᠭ / ᠨᠢᠭᠡᠪᠦᠷᠢ ︵ᠰᠢᠨ᠎ᠡ︶ ᠪᠤᠯᠤᠨ13 ᠲᠦᠭᠦᠷᠢᠭ / ᠨᠢᠭᠡᠪᠦᠷᠢ︵ ᠬᠠᠭᠤᠴᠢᠨ︶᠂ ᠨᠡᠶᠢᠲᠡ ᠨᠢᠭᠡ ᠮᠢᠩᠭ᠎ᠠ ᠵᠢᠷᠭᠤᠭᠠᠨ ᠵᠠᠭᠤ ᠶᠢᠷᠡᠨ ᠳᠦᠷᠪᠡᠨ ᠲᠦᠭᠦᠷᠢᠭ〔1694.00 ᠲᠦᠭᠦᠷᠢᠭ〕 ᠪᠤᠯᠠᠬᠤ ᠨᠤᠲᠠᠯᠠᠪᠠ᠃
ᠠᠯᠠᠱᠠ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶᠠᠨ ᠦ ᠪᠤᠳᠠᠰᠭᠡᠷᠡᠴᠢ ᠰᠢᠯᠭᠠᠨ ᠲᠤᠭᠳᠠᠭᠠᠬᠤ ᠲᠠᠰᠤᠭ ᠡᠴᠡ ᠲᠤᠬᠠᠢ ᠵᠢᠨ ᠲᠠᠯᠠᠪᠤᠷ ᠡᠴᠡ ᠠᠪᠤᠭᠰᠠᠨ ᠱᠠᠬᠠᠢ ᠵᠢᠨ ᠤᠯᠠ ᠮᠦᠷ ᠪᠤᠯᠤᠨ ᠬᠦᠮᠦᠨ ᠰᠦᠨ ᠤᠪᠤᠭᠳᠤ ᠵᠢᠨ ᠤᠪᠤᠭᠳᠤ ᠵᠢᠨ ᠵᠡᠭᠦᠨ ᠬᠦᠯ ᠳ᠋ᠦ ᠡᠮᠦᠰᠦᠭᠰᠡᠨ ᠱᠠᠬᠠᠢ ᠵᠢᠨ ᠤᠯᠠ ᠮᠦᠷ ᠲᠦ ᠬᠢᠨᠠᠨ ᠬᠢᠭᠰᠡᠨ ᠳ᠋ᠦ ᠬᠢᠨᠠᠨ ᠵᠢᠨ ᠰᠠᠨᠠᠯ ᠨᠢ᠄ ᠠᠳᠠᠯᠢ ᠨᠢᠭᠡ ᠲᠦᠷᠦᠯᠱᠠᠬᠠᠢ ᠵᠢᠨ ᠦᠯᠡᠳᠡᠭᠰᠡᠨ ᠤᠯᠠ ᠮᠦᠷ ᠪᠤᠯᠠᠬᠤ ᠨᠤᠲᠠᠯᠠᠪᠠ ᠃
ᠲᠡᠭᠡᠷ᠎ᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠨᠢ ᠲᠤᠤᠷᠠᠬᠢ ᠮᠡᠳᠦ ᠄
ᠨᠢᠭᠡ᠂ ᠪᠤᠳᠠᠰᠭᠡᠷᠡᠴᠢ︔ ᠬᠤᠶᠠᠷ ᠂ ᠪᠢᠴᠢᠭᠭᠡᠷᠡᠴᠢ ︔ ᠭᠤᠷᠪᠠ ᠂ ᠭᠡᠷᠡᠴᠢᠯᠡᠭᠴᠢ ᠵᠢᠨ ᠭᠡᠷᠡᠴᠢ ᠦᠭᠡ︔ ᠲᠦᠷᠪᠡ ᠂ ᠬᠤᠤᠷᠯᠠᠭᠳᠠᠭᠴᠢ ᠵᠢᠨ ᠲᠤᠭᠠᠴᠢᠯᠳᠠ ︔ ᠲᠠᠪᠤ ᠂ ᠵᠠᠭᠠᠯᠳᠤᠭᠳᠠᠭᠴᠢ ᠬᠦᠮᠥᠨ ᠦᠴᠢᠭᠯᠡᠯᠳᠡ ᠪᠠ ︔ ᠵᠢᠷᠭᠤᠭ᠎ᠠ᠂ ᠰᠢᠯᠭᠠᠨ ᠲᠤᠭᠳᠠᠭᠠᠯᠳᠠ ᠵᠢᠨ ᠰᠠᠨᠠᠯ ︔ ᠲᠤᠯᠤᠭ᠎ᠠ᠂ ᠨᠡᠩᠵᠢᠯᠳᠠ ᠬᠢᠬᠦ᠂ ᠢᠯᠭᠠᠨ ᠲᠠᠨᠢᠭᠤᠯᠬᠤ᠂ ᠭᠠᠷᠭᠠᠨ ᠠᠪᠬᠤ᠂ ᠲᠤᠬᠠᠢ ᠵᠢᠨ ᠭᠠᠵᠠᠷᠬᠠᠵᠢᠨ ᠰᠢᠯᠭᠠᠯᠲᠠ ᠵᠢᠨ ᠲᠡᠮᠲᠡᠭᠯᠡᠯ ᠵᠡᠷᠭᠡ ᠲᠡᠮᠳᠡᠭᠯᠡᠯ ᠂ ᠨᠠᠢᠮᠠ᠂ ᠦᠵᠠᠵᠦ ᠰᠤᠨᠤᠰᠬᠤ ᠮᠡᠲᠸᠷᠢᠶᠡᠯ ᠵᠡᠷᠭᠡ ᠭᠡᠷᠡᠴᠢ ᠪᠣᠢ ᠃
ᠲᠡᠭᠡᠷ᠎ᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠵᠢᠨ ᠢᠷᠡᠯᠲᠡ ᠨᠢ ᠬᠠᠤᠯᠢ ᠶᠤᠰᠤᠨ ᠳᠤ ᠨᠡᠶᠢᠴᠡᠵᠦ᠂ ᠲᠤᠰ ᠶᠠᠯ᠎ᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠤᠲᠠᠲᠠᠢ ᠪᠦᠷᠢᠨ ᠭᠦᠢᠴᠡᠳ ᠪᠠᠶᠢᠵᠤ ᠬᠦᠮᠦᠨ ᠰᠦᠨ ᠤᠪᠤᠭᠳᠤ ᠵᠢᠨ ᠤᠪᠤᠭᠳᠤ ᠶᠠᠯ᠎ᠠ ᠵᠢᠨ ᠪᠤᠳᠠᠳᠤ ᠶᠠᠪᠤᠳᠠᠯ ᠪᠤᠯᠤᠨ ᠭᠡᠷᠡᠴᠢ ᠪᠠᠷᠢᠮᠳᠠ ᠳ᠋ᠦ ᠰᠠᠨᠠᠯ ᠦᠭᠡᠢ᠂ ᠰᠠᠵᠢᠨ ᠲᠤᠷ᠎ᠡ ᠠᠴᠠ ᠪᠠᠨ ᠂ ᠬᠦᠯᠢᠶᠡᠪᠡ᠃
ᠲᠤᠰ ᠬᠤᠷᠢᠶᠠᠨ ᠦᠵᠡᠬᠦ ᠪᠡᠷ᠂ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠬᠠᠤᠯᠢ ᠪᠤᠰᠤ ᠪᠠᠷ ᠡᠵᠡᠯᠡᠬᠦ ᠵᠤᠷᠢᠯᠭ᠎ᠠ ᠪᠠᠷ ᠪᠤᠰᠤᠳᠡᠳ᠋ ᠪᠤᠳᠠᠰ ᠢ ᠬᠤᠯᠠᠭᠠᠶᠢᠯᠠᠵᠦ ᠂ ᠬᠤᠯᠠᠭᠠᠶᠢᠯᠠᠭᠰᠠᠨ ᠡᠳ᠋ ᠪᠤᠳᠠᠰ ᠦᠨ᠎ᠡ ᠦᠷᠳᠡᠭ ᠨᠢ1694.00ᠲᠦᠭᠦᠷᠢᠭ ᠪᠠᠶᠢᠵᠤ᠂ ᠵᠤᠭᠤᠰᠤᠨ ᠲᠤᠭ᠎ᠠ ᠨᠢ ᠨᠠᠯᠢᠶᠡᠳ ᠶᠡᠬᠡ ᠂ ᠦᠢᠯᠡ ᠠᠵᠢᠯᠯᠠᠭ᠎ᠠ ᠨᠢ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠬᠠᠤᠯᠢ︾ ᠵᠢᠨ ᠬᠤᠶᠠᠷ ᠵᠠᠭᠤ ᠵᠢᠷᠡᠨ ᠲᠦᠷᠪᠡᠳᠤᠭᠡᠷ ᠵᠤᠷᠪᠤᠰᠲᠤᠭᠳᠠᠭᠠᠯ ᠳ᠋ᠥ ᠬᠠᠯᠳᠠᠵᠦ ᠂ ᠶᠠᠯ᠎ᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠤᠲᠠᠲᠠᠢ ᠪᠦᠷᠢᠨ ᠭᠦᠢᠴᠡᠳ ᠪᠠᠶᠢᠵᠦ᠂ ᠶᠡᠯ᠎ᠠ ᠪᠠᠷ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠵᠢᠨ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠪᠡᠯ ᠵᠤᠬᠢᠨ᠎ᠠ᠃ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠵᠢᠨ ᠦᠢᠯᠡ ᠠᠵᠢᠯᠯᠠᠭ᠎ᠠ ᠨᠢ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠬᠠᠤᠯᠢ︾ ᠵᠢᠨ ᠬᠤᠷᠢᠨ ᠲᠠᠪᠤᠳᠤᠭᠠᠷ ᠵᠤᠷᠪᠤᠰᠲᠣᠭᠲᠠᠭᠠᠯ ᠳ᠋ᠦ ᠬᠠᠯᠳᠠᠵᠤ ᠬᠠᠮᠲᠤᠯᠢᠭ ᠶᠠᠯ᠎ᠠ ᠬᠡᠷᠡᠭ ᠳ᠋ᠦ ᠪᠠᠭᠲᠠᠨ᠎ᠠ᠃ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠬᠡᠷᠡᠭ ᠢ ᠲᠤᠷᠰᠢᠨ ᠪᠠᠶᠢᠴᠠᠭᠠᠬᠤ ᠶᠠᠪᠤᠴᠠ ᠳᠤ᠂ ᠦᠪᠡᠷᠶᠠᠯᠠ ᠪᠠᠨ ᠦᠨᠡᠨ ᠪᠤᠳᠠᠳᠠᠢ ᠪᠠᠷ ᠦᠴᠢᠭᠯᠡᠵᠦ ᠂ ᠶᠠᠯ᠎ᠠ ᠪᠠᠨ ᠮᠡᠳᠡᠷᠡᠵᠦ ᠲᠤᠷᠭᠠᠭᠤᠯᠢ ᠬᠦᠯᠢᠶᠡᠭᠰᠡᠨ ᠡᠴᠡ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠬᠠᠤᠯᠢ︾ ᠵᠢᠨ ᠵᠢᠷᠡᠨ ᠲᠤᠯᠤᠳᠤᠭᠠᠷ ᠵᠦᠢᠯᠭᠤᠷᠪᠠᠳᠤᠭᠠᠷ ᠵᠤᠷᠪᠤᠰᠲᠤᠭᠳᠠᠭᠠᠯ ᠢ ᠦᠨᠳᠤᠰᠤᠯᠡᠨ ᠂ ᠬᠦᠩᠭᠡᠨ ᠢᠶᠡᠷ ᠰᠢᠢᠳᠬᠡᠵᠦ ᠪᠤᠯᠤᠨ᠎ᠡ᠃ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠵᠠᠷᠭᠤ ᠵᠢᠨ ᠬᠠᠤᠯᠢ︾ ᠵᠢᠨ ᠵᠠᠭᠤ ᠲᠠᠯᠠᠨ ᠵᠢᠷᠭᠤᠳᠤᠭᠠᠷ ᠵᠦᠢᠯᠲᠤᠭᠳᠠᠭᠠᠯ ᠢ ᠦᠨᠳᠦᠰᠦᠯᠡᠵᠦ ᠂ ᠠᠯᠪᠠᠨ ᠵᠠᠭᠠᠯᠳᠤᠯᠭ᠎ᠠ ᠭᠠᠷᠭᠠᠪᠠ᠃ ᠬᠠᠤᠯᠢ ᠶᠤᠰᠤᠭᠠᠷ ᠰᠢᠢᠳᠬᠡᠬᠦ ᠪᠤᠯᠪᠠᠤ ᠃
ᠡᠭᠦᠨ ᠦ ᠲᠤᠯᠠ
ᠠᠯᠠᠱᠨ ᠪᠠᠷᠠᠭᠤᠨ ᠬᠤᠰᠢᠭᠤᠨ ᠠᠷᠠᠳᠰᠢᠬᠦᠬᠦ ᠬᠤᠷᠢᠶ᠎ᠠ ᠳᠤ
ᠪᠠᠶᠢᠴᠠᠭᠠᠬᠤ ᠲᠤᠰᠢᠶᠠᠯᠲᠠᠨ ᠄ ᠭᠡᠷᠡᠯ
2020 ᠤᠨ ᠣ 7 ᠰᠠᠷ᠎ᠠ ᠵᠢᠨ29 ᠣ ᠡᠳᠦᠷ
ᠲᠠᠭᠠᠯᠳᠤᠭᠤᠯᠤᠯ ᠄
1 ᠂ ᠵᠠᠭᠠᠯᠳᠤᠭᠳᠠᠭᠴᠢ ᠬᠦᠮᠥᠨ ᠰᠦᠨ ᠤᠪᠤᠭᠳᠤ ᠵᠢᠨ ᠤᠪᠤᠭᠳᠤ ᠪᠠᠳᠤᠯᠠᠭ᠎ᠠ ᠠᠪᠴᠤ ᠰᠢᠭᠦᠯᠳᠡ ᠬᠦᠯᠢᠶᠡᠯᠭᠡᠪᠡ᠂ ᠤᠳᠤ ᠦᠪᠦᠷ ᠮᠤᠩᠭᠤᠯᠦᠪᠡᠷᠳᠡᠭᠡᠨ ᠵᠠᠰᠠᠬᠤ ᠤᠷᠤᠨ ᠠᠯᠠᠱᠨ ᠪᠠᠷᠠᠭᠤᠨ ᠬᠤᠰᠢᠭᠤᠨ ** ᠪᠠᠯᠭᠠᠰᠤᠨ ᠳᠤ ᠰᠠᠭᠤᠵᠤ ᠪᠠᠵᠢᠨ᠎ᠠ᠃
2 ᠂ ᠬᠡᠷᠡᠭ ᠮᠠᠲᠸᠷᠢᠶᠠᠯ ᠪᠤᠯᠤᠨ ᠭᠡᠷᠡᠴᠢ ᠪᠠᠷᠢᠮᠳᠠ ᠬᠤᠶᠠᠷ ᠲᠡᠪᠳᠡᠷ ᠃
3 ᠂ ᠡᠷᠡᠭᠦᠦ ᠣᠨᠣᠭᠳᠠᠭᠤᠯᠬᠤ ᠰᠠᠨᠠᠭᠤᠯᠭ᠎ᠠ ᠵᠢᠨ ᠪᠢᠴᠢᠭ ᠨᠢᠭᠡ ᠬᠤᠪᠢ᠃
4 ᠂ ᠰᠢᠢᠳᠬᠡᠯ ᠰᠢᠢᠳᠬᠡᠬᠦ ᠪᠠ ᠰᠢᠢᠳᠬᠡᠯ
ᠲᠤᠰᠪᠦᠷᠢ ᠨᠢᠭᠡ ᠬᠤᠪᠢ᠃
5᠂ ᠳᠥᠭᠥᠮ ᠵᠢᠷᠤᠮ ᠢ ᠲᠣᠬᠢᠷᠠᠭᠤᠯᠤᠨ ᠬᠡᠷᠡᠭᠯᠡᠬᠦ ᠰᠠᠨᠠᠭᠤᠯᠭ᠎ᠠ ᠵᠢᠨ ᠪᠢᠴᠢᠭ ᠨᠢᠭᠡ ᠬᠤᠪᠢ᠃
6᠂ ᠬᠦᠯᠢᠶᠡᠨ ᠠᠪᠤᠭᠰᠠᠨ ᠪᠠᠷᠢᠮᠲᠠ ᠨᠢᠭᠡ ᠬᠤᠪᠢ᠃
7᠂ ᠬᠡᠯᠡᠯᠴᠡᠭᠡᠷᠪᠢᠴᠢᠭ ᠨᠢᠭᠡ ᠬᠤᠪᠢ᠃
ᠢᠷᠡᠯᠲᠡ