ᠣᠷᠳᠤᠰ ᠬᠤᠳᠠ ᠢ᠋ᠢᠨ ᠳ᠋ᠦᠡᠭᠱᠸᠩ ᠲᠣᠭᠤᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠠ᠋ᠴᠠ ᠮᠡᠬᠡᠯᠡᠭᠰᠡᠨ ᠶᠠᠯ᠎ᠠ ᠢ᠋ᠢᠠᠷ ᠰᠡᠵᠢᠭᠡᠯᠡᠭᠳᠡᠭᠰᠡᠨ ᠸᠠᠩ ᠣᠪᠤᠭᠲᠤ ᠶ᠋ᠢ ᠬᠠᠤᠯᠢ ᠶᠣᠰᠣᠭᠠᠷ ᠪᠠᠷᠢᠪᠴᠢᠯᠠᠬᠤ ᠲᠣᠭᠲᠠᠭᠠᠯ ᠭᠠᠷᠭᠠᠪᠠ
ᠸᠠᠩ ᠣᠪᠤᠭᠲᠤ ᠮᠡᠬᠡᠯᠡᠭᠰᠡᠨ ᠶᠠᠯ᠎ᠠ ᠢ᠋ᠢᠠᠷ ᠰᠡᠵᠢᠭᠯᠡᠭᠳᠡᠭᠰᠡᠨ ᠬᠡᠷᠡᠭ ᠢ᠋ 2021 ᠣᠨ ᠤ᠋ 6 ᠰᠠᠷ᠎ᠠ ᠢ᠋ᠢᠨ 2 ᠤ᠋ ᠡᠳᠤᠷ ᠣᠷᠳᠤᠰ ᠬᠤᠳᠠ ᠢ᠋ᠢᠨ ᠲᠤᠳᠤᠭᠠᠲᠤ ᠶ᠋ᠢ ᠬᠠᠮᠠᠭᠠᠯᠠᠬᠤ ᠲᠣᠪᠴᠢᠶᠠᠨ ᠤ᠋ ᠳ᠋ᠦᠡᠭᠱᠸᠩ ᠲᠣᠭᠤᠷᠢᠭ ᠤ᠋ᠨ ᠬᠤᠪᠢᠶᠠᠷᠢ ᠲᠣᠪᠴᠢᠶᠠᠨ ᠠ᠋ᠴᠠ ᠳ᠋ᠦᠡᠭᠱᠸᠩ ᠲᠣᠭᠤᠷᠢᠭ ᠤ᠋ᠨ ᠠᠷᠠᠳ ᠤ᠋ᠨ ᠪᠠᠢᠴᠠᠭᠠᠬᠤ ᠬᠣᠷᠢᠶᠠᠨ ᠳ᠋ᠤ ᠰᠢᠯᠵᠢᠭᠦᠯᠤᠨ ᠢᠷᠡᠭᠦᠯᠵᠦ ᠪᠠᠷᠢᠪᠴᠢᠯᠠᠬᠤ ᠵᠥᠪᠰᠢᠶᠡᠷᠡᠭᠦᠯᠬᠦ ᠪᠡᠷ ᠳᠡᠪᠰᠢᠭᠦᠯᠪᠡ᠃ 2021 ᠣᠨ ᠤ᠋ 6 ᠰᠠᠷ᠎ᠠ ᠢ᠋ᠢᠨ 9 ᠤ᠋ ᠡᠳᠤᠷ ᠳ᠋ᠦᠡᠭᠱᠸᠩ ᠲᠣᠭᠤᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠬᠠᠤᠯᠢ ᠶᠣᠰᠣᠭᠠᠷ ᠪᠠᠷᠢᠪᠴᠢᠯᠠᠬᠤ ᠵᠥᠪᠰᠢᠶᠡᠷᠡᠭᠰᠡᠨ ᠲᠣᠭᠲᠠᠭᠠᠯ ᠭᠠᠷᠭᠠᠪᠠ᠃