ᠥᠪᠥᠷ ᠮᠣᠩᠭᠣᠯ  内蒙古

ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳ ᠪᠠᠶᠢᠴᠠᠭᠠᠬᠤ ᠬᠤᠷᠢᠶᠠᠨ  ᠵᠠᠭᠠᠯᠳᠥᠬᠤ ᠪᠢᠴᠢᠭ

2021-12-31 15:09:24

                                        ᠰᠢᠨ᠎ᠡ ᠪᠠᠷᠠᠭᠤᠨ ᠪᠠᠶᠢᠴᠠᠭᠠᠬᠤ ᠡᠷᠡᠭᠦᠦ ᠵᠠᠭᠠᠯᠳᠥᠬᠤ ︵2021︶ 78 ᠳ᠋ᠤᠭᠠᠷ ᠲᠤᠭᠠᠳᠥ

      

    ᠵᠠᠭᠠᠯᠳᠤᠭᠳᠠᠭᠴᠢ ᠮᠦᠩ **᠂ ᠡᠷᠡᠭᠳᠡᠢ᠂ 1989 ᠤᠨ  ** ᠰᠠᠷ᠎ᠠ ᠵᠢᠨ **  ᠡᠳᠦᠷ ᠲᠦᠷᠦᠪᠡ᠂ ᠡᠷᠬᠡᠳᠤ ᠠᠷᠠᠳᠪᠡᠶ᠎ᠡ ᠵᠢᠨ ᠦᠨᠡᠮᠯᠡᠯᠨᠤᠮᠧᠷ 1521291989********᠂ ᠮᠤᠩᠭᠤᠯ ᠦᠨᠳᠦᠰᠦᠳᠡᠨ᠂ ᠲᠣᠮᠳᠠᠳᠣ ᠰᠣᠷᠭᠠᠭᠤᠯᠢ ᠵᠢᠨ ᠰᠣᠶᠣᠯᠬᠡᠮᠵᠢᠶ᠎ᠡ ᠲᠠᠢ᠂ ᠲᠣᠬᠳᠠᠬᠰᠠᠨ ᠠᠵᠢᠯ ᠦᠭᠡᠢ᠂ ᠡᠷᠦᠬᠡ ᠠᠮᠠ ᠵᠢᠨ ᠪᠠᠶᠢᠭ᠎ᠠ ᠭᠠᠵᠠᠷ ᠵᠢᠴᠢ ᠤᠳᠥ ᠰᠠᠭᠤᠭ᠎ᠠ ᠭᠠᠵᠠᠷ ᠦᠪᠦᠷ ᠮᠤᠩᠭᠤᠯᠬᠦᠯᠦᠨ ᠪᠤᠶᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ  ** ᠪᠠᠯᠭᠠᠰᠤ ᠵᠢᠨ ** ᠭᠠᠴᠠᠭᠠᠨ  ** ᠳ᠋ᠤᠭᠠᠷ᠃ ᠶᠠᠯ᠎ᠠ ᠵᠢᠨ ᠲᠡᠥᠬᠡ ᠦᠭᠡᠢ᠃ ᠵᠠᠭᠠᠯᠳᠤᠭᠳᠠᠭᠴᠢ ᠮᠦᠩ ** ᠲᠣᠨᠣᠨ ᠳᠡᠭᠡᠷᠡᠮᠳᠡᠭᠰᠡᠨ ᠬᠡᠷᠡᠭ ᠲᠤ ᠬᠤᠯᠪᠣᠬᠳᠠᠬᠰᠠᠨ ᠠᠴᠠ 2021 ᠤᠨ  5 ᠰᠠᠷ᠎ᠠ ᠵᠢᠨ 15  ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠡᠷᠡᠭᠦᠦ ᠵᠢᠨ ᠲᠦᠷ ᠬᠤᠷᠢᠯᠳᠠ ᠪᠠᠷ ᠬᠤᠷᠢᠭᠳᠠᠵᠦ᠂ ᠲᠣᠰ ᠣᠨ  5 ᠰᠠᠷ᠎ᠠ ᠵᠢᠨ 28  ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠪᠠᠲᠤᠯᠠᠭ᠎ᠠ ᠠᠪᠴᠥ ᠰᠢᠭᠦᠬᠦ  ᠬᠦᠯᠢᠶᠡᠯᠭᠡᠪᠡ᠃

   ᠦᠮᠦᠭᠯᠡᠭᠴᠢ ᠵ **᠂ ᠪᠡᠭᠡᠵᠢᠩ ᠬᠤᠳᠠ ᠵᠢᠨ ** ︵ᠬᠦᠬᠡᠬᠤᠳᠠ︶ ᠬᠠᠤᠯᠢᠴᠢ ᠵᠢᠨ ᠬᠡᠷᠡᠭ ᠡᠷᠬᠢᠯᠡᠬᠦ ᠭᠠᠵᠠᠷᠬᠠᠤᠯᠢᠴᠢ᠃

   ᠵᠠᠭᠠᠯᠳᠤᠭᠳᠠᠭᠴᠢ ᠮᠦᠩ ** ᠵᠢᠨ ᠲᠣᠨᠣᠨ ᠲᠡᠭᠡᠷᠡᠮᠳᠡᠭᠰᠡᠨ ᠨᠢᠭᠡᠨ ᠬᠡᠷᠡᠭ ᠢ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶ᠎ᠠ ᠲᠤᠷᠰᠢᠨ ᠪᠠᠶᠢᠴᠠᠭᠠᠯᠳᠠ ᠪᠠᠨ ᠲᠠᠭᠤᠰᠬᠠᠭᠠᠳ᠂ 2021 ᠤᠨ  10 ᠰᠠᠷ᠎ᠠ ᠵᠢᠨ 29  ᠡᠳᠦᠷ ᠮᠠᠨ  ᠬᠤᠷᠢᠶᠠᠨ ᠳᠤ ᠬᠢᠨᠠᠨ ᠪᠠᠶᠢᠴᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠂ ᠮᠠᠨ  ᠬᠤᠷᠢᠶ᠎ᠠ ᠬᠡᠷᠡᠭᠡᠪᠬᠡᠮᠡᠯ ᠢ ᠬᠦᠯᠢᠶᠡᠨ ᠠᠪᠤᠭᠰᠠᠨ  ᠰᠡᠭᠦᠯᠡᠷ᠂ 2021 ᠤᠨ  10 ᠰᠠᠷ᠎ᠠ ᠵᠢᠨ 29  ᠡᠳᠦᠷ ᠵᠠᠭᠠᠯᠳᠤᠭᠳᠠᠭᠴᠢ ᠮᠦᠩ ** ᠳᠤ ᠦᠮᠦᠭᠯᠡᠭᠴᠢ ᠨᠠᠶᠢᠳᠠᠬᠤ ᠡᠷᠬᠡ ᠪᠠ ᠶᠠᠯ᠎ᠠ ᠡᠷᠡᠬᠦᠦ ᠪᠠᠨ ᠮᠡᠳᠡᠷᠡᠬᠦ ᠠᠴᠠ ᠪᠤᠯᠤᠭᠰᠠᠨ ᠬᠠᠤᠯᠢ ᠴᠠᠭᠠᠵᠠ ᠵᠢᠨ ᠦᠷ᠎ᠡ ᠳ᠋ᠦᠩ ᠢ ᠮᠡᠳᠡᠭᠳᠡᠵᠦ᠂ 2021 ᠤᠨ  10 ᠰᠠᠷ᠎ᠠ ᠵᠢᠨ 29  ᠡᠳᠦᠷ ᠬᠤᠣᠷᠯᠠᠬᠳᠠᠬᠴᠢ ᠳᠤ ᠬᠠᠥᠯᠢ ᠶᠤᠰᠤᠭᠠᠷ ᠡᠳ᠋ᠯᠡᠬᠦ ᠵᠠᠷᠭᠤ ᠵᠢᠨ ᠡᠷᠬᠡ  ᠮᠡᠳᠡᠭᠳᠡᠵᠦ᠂ ᠬᠠᠥᠯᠢ ᠶᠤᠰᠤᠭᠠᠷ ᠵᠠᠭᠠᠯᠳᠤᠭᠳᠠᠭᠴᠢ  ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠦᠮᠦᠭᠯᠡᠭᠴᠢ᠂ ᠬᠤᠣᠷᠯᠠᠬᠳᠠᠬᠴᠢ ᠵᠢᠨ ᠰᠠᠨᠠᠯ ᠢ ᠰᠤᠨᠤᠰᠴᠦ᠂ ᠪᠦᠬᠦ ᠬᠡᠷᠡᠭᠮᠠᠲ᠋ᠧᠷᠢᠶᠠᠯ ᠢ ᠬᠢᠨᠠᠨ ᠪᠠᠶᠢᠴᠠᠭᠠᠪᠠ᠃ ᠵᠠᠭᠠᠯᠳᠤᠭᠳᠠᠭᠴᠢ ᠲᠤᠰ ᠬᠡᠷᠡᠭ ᠢ ᠬᠢᠯᠪᠠᠷᠴᠢᠯᠠᠬᠰᠠᠨ ᠵᠢᠷᠤᠮ ᠢ ᠬᠡᠷᠡᠭᠯᠡᠨ ᠰᠢᠬᠦᠬᠦ  ᠵᠦᠪᠰᠢᠶᠡᠷᠡᠪᠡ᠃

   ᠤᠳᠤ ᠬᠢᠨᠠᠨ ᠪᠠᠶᠢᠴᠠᠭᠠᠵᠣ ᠲᠤᠳᠤᠯᠠᠬᠰᠠᠨ ᠢᠶᠠᠷ᠄

   2021 ᠤᠨ  5 ᠰᠠᠷ᠎ᠠ ᠵᠢᠨ 13  ᠡᠳᠦᠷ3 ᠴᠠᠭᠦᠶᠡᠰ᠂ ᠵᠠᠭᠠᠯᠳᠤᠭᠳᠠᠭᠴᠢ ᠮᠦᠩ **᠂ ᠰᠣ ** ︵ᠪᠣᠰᠣᠳ ᠬᠡᠷᠡᠭ ᠢᠶᠠᠷ ᠰᠢᠢᠳᠪᠦᠷᠢᠯᠡᠭᠳᠡᠪᠡ︶ ᠲᠠᠢ ᠠᠷᠢᠬᠢ ᠣᠣᠭᠤᠬᠰᠠᠨ  ᠲᠠᠷᠠᠭ᠎ᠠ᠂ ᠰᠣ ** ᠮᠧᠩ EE**** ᠨᠤᠮᠧᠷᠳᠤ ** ᠨᠡᠷᠡᠮᠵᠢᠳᠦ ᠪᠠᠭ᠎ᠠ ᠬᠡᠯᠪᠡᠷᠢ ᠵᠢᠨ ᠰᠠᠭᠤᠳᠠᠯᠮᠠᠰᠢᠨ ᠲᠠᠷᠬᠡ ᠵᠢᠯᠣᠭᠤᠳᠴᠣ ᠮᠦᠩ **  ᠲᠡᠭᠡᠭᠡᠵᠦ ᠰᠢᠨ᠎ᠡ ᠪᠠᠷᠭᠤ ᠪᠠᠷᠠᠭᠤᠨ ᠬᠤᠰᠢᠭᠤᠨ  ** ᠪᠠᠯᠭᠠᠰᠤ ᠵᠢᠨ ᠶᠠᠪᠣᠭᠠᠨ ᠵᠡᠭᠡᠯᠢ ᠭᠦᠷᠴᠦ ᠬᠤᠣᠷᠯᠠᠬᠳᠠᠬᠴᠢ ᠲᠣ ** ᠭᠠᠭᠴᠠᠭᠠᠷ ᠶᠠᠪᠣᠵᠣ ᠪᠠᠶᠢᠬᠤ  ᠣᠯᠵᠣ ᠦᠵᠡᠨ᠂ ᠮᠦᠩ ** ᠡᠨᠡ ᠡᠮᠡᠭᠳᠡᠢ  ᠣᠴᠢᠵᠣ ᠦᠵᠡᠶ᠎ᠡ ᠭᠡᠵᠦ ᠲᠣᠷᠠᠳᠬᠤ ᠳᠤ ᠰᠣ ** ᠲᠡᠷᠭᠡ ᠲᠠᠢ ᠪᠠᠨ ᠪᠣᠴᠠᠵᠣ ᠲᠣ **ᠲᠡᠷᠭᠡᠳᠡ ᠬᠦᠷᠴᠦ ᠲᠡᠷᠭᠡᠨ ᠴᠣᠩᠬᠤ ᠪᠠᠨ ᠨᠡᠭᠡᠭᠡᠵᠦ ᠢᠰᠭᠡᠷᠣᠨ ᠦᠳᠣᠭᠡᠵᠣ ᠪᠠᠶᠢᠬᠤ ᠦᠶ᠎ᠡ ᠳᠤ ᠮᠦᠩ ** ᠲᠡᠷᠭᠡᠨ ᠠᠴᠠ ᠪᠠᠭᠤᠵᠣ ᠣᠳᠠᠰᠣᠳᠠᠵᠣ ᠪᠠᠶᠢᠬᠰᠠᠨ ᠲᠣ ** ᠶᠢ ᠲᠠᠭᠠᠨ ᠬᠦᠭᠡᠭᠡᠵᠦ᠂ ᠴᠠᠭᠠᠨ ᠦᠩᠭᠡᠳᠡᠢ ᠫᠢᠩ ᠭᠦᠸᠧ 11 ᠭᠠᠷ ᠣᠳᠠᠰᠣ ᠶᠢ ᠨᠢ ᠪᠣᠯᠢᠶᠠᠨ ᠲᠡᠷᠭᠡᠨ ᠳᠤ ᠪᠠᠨ ᠰᠠᠭᠤᠵᠣ ᠶᠠᠪᠣᠪᠠ᠃ ᠮᠦᠩ **᠂ ᠰᠣ** ᠬᠤᠶᠠᠭᠤᠯᠠ 9 ᠴᠠᠭᠦᠶᠡᠰ ᠭᠠᠷ ᠣᠳᠠᠰᠣ ᠶᠢ ᠨᠢ ᠲᠣᠮᠳᠠᠳᠣ ᠣᠷᠣᠰ ᠮᠣᠩᠭᠤᠯ ᠬᠤᠳᠠᠯᠳᠣᠭᠠᠨ  ᠬᠤᠵᠢᠨ᠎ᠠ ᠡᠭᠦᠳᠡᠨ  ᠣᠷᠴᠢᠮ ᠬᠠᠶᠠᠪᠠ᠃ ᠰᠢᠯᠭᠠᠨ ᠪᠠᠶᠢᠴᠠᠭᠠᠭᠰᠠᠨ ᠢᠶᠠᠷ᠂ ᠲᠣᠨᠣᠨ ᠲᠡᠭᠡᠷᠡᠮᠳᠡᠭᠰᠡᠨ ᠭᠠᠷ ᠣᠳᠠᠰᠣ ᠵᠢᠨ ᠦᠨ᠎ᠡ ᠨᠢ ᠠᠷᠠᠳᠵᠣᠭᠤᠰ 2800 ᠲᠦᠭᠦᠷᠢᠭ ᠭᠡᠵᠤ ᠨᠤᠲᠠᠯᠠᠪᠠ᠃

    ᠵᠠᠭᠠᠯᠳᠤᠭᠳᠠᠭᠴᠢ ᠮᠦᠩ ** 2021 ᠤᠨ  5 ᠰᠠᠷ᠎ᠠ ᠵᠢᠨ 15  ᠡᠳᠦᠷ ᠦᠪᠡᠷ ᠢᠶᠠᠨ ᠬᠡᠷᠡᠭ ᠲᠤ ᠢᠷᠡᠭᠰᠡᠨ  ᠰᠡᠭᠦᠯᠡᠷ ᠲᠡᠭᠡᠷᠡᠬᠢ ᠪᠣᠳᠠᠲᠣ ᠬᠡᠷᠡᠭ ᠢ ᠦᠨᠡᠨ ᠢᠶᠠᠷ ᠨᠢ ᠦᠴᠢᠭᠯᠡᠪᠡ᠃ ᠬᠡᠷᠡᠭ ᠲᠤ ᠬᠤᠯᠪᠣᠬᠳᠠᠬᠰᠠᠨ ᠭᠠᠷ ᠣᠳᠠᠰᠣ  ᠣᠯᠣᠬᠰᠠᠨ ᠦᠭᠡᠢ᠃ ᠵᠠᠭᠠᠯᠳᠤᠭᠳᠠᠭᠴᠢ ᠮᠦᠩ ** ᠬᠤᠣᠷᠯᠠᠬᠳᠠᠬᠴᠢ ᠵᠢᠨ ᠬᠤᠬᠢᠷᠠᠯ ᠢ ᠲᠦᠯᠦᠪᠦᠷᠢᠯᠡᠵᠦ᠂ ᠠᠭᠤᠴᠢᠯᠠᠯ ᠢ ᠨᠢ ᠤᠯᠪᠠ᠃

    ᠲᠡᠭᠡᠷᠡᠬᠢ ᠪᠣᠳᠠᠲᠣ ᠬᠡᠷᠡᠭ ᠢ ᠭᠡᠷᠡᠴᠢᠯᠡᠬᠦ ᠭᠡᠷᠡᠴᠢ ᠲᠣᠣᠷᠠᠬᠢ ᠮᠡᠳᠦ᠄

   1. ᠪᠢᠴᠢᠭᠭᠡᠷᠡᠴᠢ᠄ ᠬᠡᠷᠡᠭ ᠮᠡᠳᠡᠬᠦᠯᠦᠭᠰᠡᠨ ᠲᠡᠮᠳᠡᠭᠯᠡᠯ᠂ ᠬᠡᠷᠡᠭ ᠬᠦᠯᠢᠶᠠᠨ ᠠᠪᠴᠤ ᠰᠢᠢᠳᠪᠦᠷᠢᠯᠡᠬᠦ ᠲᠠᠩᠰᠠᠯᠠᠯᠬᠦᠰᠦᠨᠦᠭᠳᠤ᠂ ᠬᠡᠷᠡᠭ ᠪᠤᠯᠭᠠᠨ ᠲᠠᠩᠰᠡᠯᠡᠬᠤ ᠲᠤᠭᠳᠠᠭᠠᠯᠪᠢᠴᠢᠭ᠂ ᠡᠷᠤᠬᠡ ᠠᠮᠠ ᠵᠢᠨ ᠬᠡᠷᠡᠴᠢ ᠵᠡᠷᠭᠡ︔ 2. ᠬᠡᠷᠡᠴᠢ ᠬᠦᠮᠤᠨ ᠰᠣ **᠂ ᠨᠠ **᠂ ᠴᠢ **᠂ ᠬᠤᠩ  ** ᠵᠢᠨ ᠬᠡᠷᠡᠴᠢ ᠦᠭᠡ︔ 3. ᠬᠤᠣᠷᠯᠠᠬᠳᠠᠬᠴᠢ ᠲᠣ **ᠲᠤᠭᠠᠴᠢᠯᠳᠠ︔ 4. ᠵᠠᠭᠠᠯᠳᠤᠭᠳᠠᠭᠴᠢ ᠮᠦᠩ ** ᠵᠢᠨ ᠦᠴᠢᠭᠯᠡᠯᠳᠠ ᠪᠡ ᠵᠦᠪᠳᠤᠬᠡᠯᠳᠠ︔ 5. ᠰᠢᠯᠭᠠᠨ ᠲᠤᠭᠳᠠᠭᠠᠯᠳᠠ ᠵᠢᠨ ᠰᠠᠨᠠᠯ︔ 6. ᠬᠠᠵᠢᠨ ᠰᠢᠯᠭᠠᠬᠰᠠᠨ ᠲᠡᠮᠳᠡᠭᠯᠡᠯ︔ 7. ᠦᠵᠡᠵᠦ ᠰᠤᠨᠤᠰᠤᠭᠰᠠᠨ ᠮᠠᠲ᠋ᠧᠷᠢᠶᠠᠯ 7 ᠬᠤᠪᠢ᠃

    ᠲᠡᠬᠡᠷᠡᠬᠢ ᠬᠡᠷᠡᠴᠢ  ᠬᠠᠤᠯᠢ ᠶᠤᠰᠤ ᠪᠠᠷ ᠴᠤᠭᠯᠠᠭᠤᠯᠵᠦ᠂ ᠠᠭᠤᠯᠭ᠎ᠠ ᠨᠢ ᠪᠤᠰᠤᠳᠴᠢ ᠦᠨᠠᠨ ᠪᠤᠳᠠᠳᠠᠢ᠂ ᠵᠠᠭᠠᠯᠳᠤᠭᠰᠠᠨ ᠪᠤᠳᠠᠳᠤ ᠬᠡᠷᠡᠭ ᠢ ᠬᠡᠷᠡᠴᠢᠯᠡᠵᠦ ᠲᠠᠶᠢᠯᠤᠨ᠎ᠠ᠃ ᠵᠠᠭᠠᠯᠳᠤᠭᠳᠠᠭᠴᠢ ᠮᠦᠩ ** ᠵᠠᠭᠠᠯᠳᠤᠭᠰᠠᠨ ᠪᠤᠳᠠᠳᠤ ᠬᠡᠷᠡᠭ ᠪᠠ ᠬᠡᠷᠡᠴᠢ ᠳᠤ ᠰᠠᠨᠠᠯ ᠦᠬᠡᠢ᠂ ᠦᠪᠡᠷᠲᠤᠷ᠎ᠠ ᠠᠴᠠ ᠪᠠᠨ ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠵᠢᠨ᠎ᠠ᠃

    ᠮᠠᠨ  ᠬᠤᠷᠢᠶᠠᠨ  ᠦᠵᠡᠬᠦ ᠪᠠᠷ᠂ ᠵᠠᠭᠠᠯᠳᠤᠭᠳᠠᠭᠴᠢ ᠮᠦᠩ ** ᠬᠦᠴᠦᠷᠬᠡᠭᠯᠡᠯᠠᠷᠭ᠎ᠠ ᠪᠠᠷ ᠬᠤᠪᠢ ᠵᠢᠨ ᠡᠳ᠋ ᠪᠣᠳᠠᠰ ᠢ ᠲᠣᠨᠣᠨ ᠳᠡᠭᠡᠷᠡᠮᠳᠡᠭᠰᠡᠨ ᠦᠢᠯᠡ ᠠᠵᠢᠯᠯᠠᠭ᠎ᠠ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠬᠤᠶᠠᠷ ᠵᠠᠭᠤ ᠵᠢᠷᠠᠨ ᠭᠤᠷᠪᠠᠳᠣᠭᠠᠷ ᠵᠣᠷᠪᠣᠰ ᠢ ᠵᠦᠷᠢᠴᠡᠵᠤ᠂ ᠶᠠᠯ᠎ᠠ ᠵᠢᠨ ᠪᠤᠳᠠᠲᠤ ᠬᠡᠷᠡᠭ ᠨᠢ ᠲᠤᠳᠤᠷᠬᠠᠢ᠂ ᠭᠡᠷᠡᠴᠢ ᠪᠠᠷᠢᠮᠲᠠ ᠨᠢ ᠪᠦᠷᠢᠨ ᠭᠦᠢᠴᠡᠳ᠂ ᠲᠣᠨᠣᠨ ᠲᠡᠭᠡᠷᠡᠮᠳᠡᠭᠰᠡᠨ ᠶᠠᠯ᠎ᠠ ᠪᠠᠷ ᠡᠷᠡᠭᠦᠦ ᠵᠢᠨ ᠬᠠᠷᠢᠭᠤᠴᠠᠯᠭ᠎ᠠ ᠨᠡᠭᠡᠮᠵᠢᠯᠡᠪᠡᠯ ᠵᠤᠬᠢᠨ᠎ᠠ᠃ ᠵᠠᠭᠠᠯᠳᠤᠭᠳᠠᠭᠴᠢ ᠮᠦᠩ ** ᠦᠪᠡᠷ ᠢᠶᠠᠨ ᠬᠡᠷᠡᠭ ᠲᠤ ᠢᠷᠡᠭᠰᠡᠨ  ᠰᠡᠭᠦᠯᠡᠷ ᠦᠪᠡᠷᠶᠠᠯᠠᠲᠦ ᠠᠵᠢᠯᠯᠠᠭ᠎ᠠ ᠪᠠᠨ ᠦᠨᠡᠨ ᠢᠶᠠᠷ ᠦᠴᠢᠭᠯᠡᠭᠰᠡᠨ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠵᠢᠷᠠᠨ ᠳᠤᠯᠤᠳᠤᠭᠠᠷ ᠵᠦᠢᠯᠨᠢᠬᠡᠳᠦᠬᠡᠷ ᠵᠤᠷᠪᠤᠰ ᠲᠤ ᠨᠡᠶᠢᠴᠡᠵᠦ᠂ ᠪᠡᠶ᠎ᠡ ᠪᠠᠨ ᠲᠤᠰᠢᠶᠠᠭᠰᠠᠨ ᠳᠤ ᠲᠤᠭᠠᠴᠢᠬᠳᠠᠨ᠎ᠠ᠂ ᠬᠦᠩᠬᠡᠨ ᠢᠶᠠᠷ ᠰᠢᠳᠬᠡᠬᠦ ᠪᠤᠶᠤ ᠬᠦᠩᠬᠡᠷᠡᠬᠦᠯᠦᠨ ᠰᠢᠳᠬᠡᠵᠦ ᠪᠤᠯᠤᠨ᠎ᠡ᠃ ᠵᠠᠭᠠᠯᠳᠤᠭᠳᠠᠭᠴᠢ ᠮᠦᠩ ** ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠶᠢᠬᠤ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠠᠷᠪᠠᠨ ᠲᠠᠪᠣᠳᠣᠭᠠᠷ ᠵᠦᠢᠯ ᠢ ᠦᠨᠳᠦᠰᠦᠯᠡᠵᠦ ᠠᠭᠤᠴᠢᠯᠠᠨ ᠰᠢᠳᠭᠡᠵᠣ ᠪᠣᠯᠣᠨ᠎ᠠ᠃ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠵᠠᠷᠭᠤ ᠵᠢᠨ ᠬᠠᠥᠯᠢ﹀﹀ ᠵᠢᠨ ᠨᠢᠭᠡ ᠵᠠᠭᠤ ᠲᠠᠯᠠᠨ ᠵᠢᠷᠭᠤᠳᠤᠭᠠᠷ ᠵᠥᠢᠯᠲᠤᠭᠳᠠᠭᠠᠯ ᠢ ᠦᠨᠳᠦᠰᠦᠯᠡᠵᠦ᠂ ᠵᠠᠭᠠᠯᠳᠤᠭᠳᠠᠭᠴᠢ ᠮᠦᠩ ** ᠳᠤ ᠠᠯᠪᠠᠨ ᠵᠠᠭᠠᠯᠳᠤᠯᠭ᠎ᠠ ᠬᠢᠪᠡ᠃ ᠬᠠᠥᠯᠢ ᠶᠤᠰᠤᠭᠠᠷ ᠰᠢᠳᠭᠡᠬᠦ ᠪᠤᠯᠪᠠᠥ᠃   

           ᠡᠭᠦᠨ  ᠲᠤᠯᠠ

     ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳᠰᠢᠭᠦᠬᠦ ᠬᠤᠷᠢᠶ᠎ᠠ ᠳᠤ

                                                                                                                      

 

                                                                                                                                                                                    ᠪᠠᠶᠢᠴᠠᠭᠠᠬᠴᠢ᠄ ᠰᠢᠶᠣᠣ ᠶᠦᠨ                                                                                                                                                                                                                          ᠲᠣᠰᠠᠯᠠᠨ ᠪᠠᠶᠢᠴᠠᠭᠠᠬᠴᠢ᠄ ᠬᠦᠰᠡᠯ

                                                                                                           

                                                          2021 ᠣᠨ  11 ᠰᠠᠷ᠎ᠠ ᠵᠢᠨ 17  ᠡᠳᠦᠷ

 



ᠲᠠᠭᠠᠯᠳᠤᠭᠤᠯᠬᠤ ᠨᠢ᠄

         1. ᠵᠠᠭᠠᠯᠳᠤᠭᠳᠠᠭᠴᠢ ᠮᠦᠩ ** ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠪᠠᠲᠤᠯᠠᠭ᠎ᠠ ᠠᠪᠴᠥ ᠰᠢᠭᠦᠬᠦ  ᠬᠦᠯᠢᠶᠡᠯᠭᠡᠪᠡ᠃

         2. ᠲᠤᠰ ᠬᠡᠷᠡᠭᠡᠪᠬᠡᠮᠠᠯ ᠮᠠᠲ᠋ᠧᠷᠢᠶᠠᠯ ᠭᠤᠷᠪᠠᠨ ᠪᠤᠳᠢ᠂ ᠦᠵᠡᠵᠦ ᠰᠤᠨᠤᠰᠤᠭᠰᠠᠨ ᠮᠠᠲ᠋ᠧᠷᠢᠶᠠᠯ ᠲᠣᠯᠣᠭᠠᠨ ᠬᠤᠪᠢ᠃

         3. ᠶᠠᠯ᠎ᠠ ᠪᠠᠨ ᠮᠡᠳᠡᠷᠡᠵᠦ ᠰᠢᠳᠭᠡᠯ ᠢ ᠬᠦᠯᠢᠶᠡᠭᠰᠡᠨ ᠬᠡᠮᠰᠢᠬᠦ ᠪᠠᠳᠤᠯᠠᠭ᠎ᠠ ᠵᠢᠨ ᠪᠢᠴᠢᠭ ᠨᠢᠬᠡ ᠬᠤᠪᠢ᠃

         4. ᠡᠷᠡᠬᠦᠦ ᠤᠨᠤᠭᠳᠠᠭᠤᠯᠬᠤ ᠰᠠᠨᠠᠯᠪᠢᠴᠢᠭ ᠬᠤᠶᠠᠷ ᠬᠤᠪᠢ᠃               


ᠢᠷᠡᠯᠲᠡ
ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro