ᠰᠢᠨ᠎ᠡ ᠪᠠᠷᠭᠤ ᠪᠠᠷᠠᠭᠤᠨ ᠬᠤᠰᠢᠭᠤᠨ ᠠᠷᠠᠳ ᠪᠠᠶᠢᠴᠠᠭᠠᠬᠤ ᠬᠤᠷᠢᠶᠠᠨ ᠵᠠᠭᠠᠯᠳᠥᠬᠤ ᠪᠢᠴᠢᠭ
ᠰᠢᠨ᠎ᠡ ᠪᠠᠷᠠᠭᠤᠨ ᠪᠠᠶᠢᠴᠠᠭᠠᠬᠤ ᠡᠷᠡᠭᠦᠦ ᠵᠠᠭᠠᠯᠳᠥᠬᠤ ︵2021︶ 37 ᠳ᠋ᠣᠭᠠᠷ ᠲᠤᠭᠠᠳᠥ
ᠵᠠᠭᠠᠯᠳᠤᠭᠳᠠᠭᠴᠢ ᠪᠢ **᠂ ᠡᠷᠡᠭᠳᠡᠢ᠂ 1974 ᠤᠨ ** ᠰᠠᠷ᠎ᠠ ᠵᠢᠨ ** ᠡᠳᠦᠷ ᠲᠦᠷᠦᠪᠡ᠂ ᠡᠷᠬᠡᠳᠤ ᠠᠷᠠᠳᠪᠡᠶᠡ ᠵᠢᠨ ᠦᠨᠡᠮᠯᠡᠯᠨᠤᠮᠧᠷ 1521291974********᠂ ᠮᠤᠩᠭᠤᠯ ᠦᠨᠳᠦᠰᠦᠳᠡᠨ᠂ ᠪᠠᠭ᠎ᠠ ᠰᠣᠷᠭᠠᠭᠤᠯᠢ ᠵᠢᠨ ᠬᠤᠶᠠᠳᠣᠭᠠᠷ ᠣᠨ ᠰᠣᠶᠣᠯᠬᠡᠮᠵᠢᠶᠡ ᠲᠠᠢ᠂ ᠮᠠᠯᠴᠢᠨ᠂ ᠡᠷᠦᠬᠡ ᠠᠮᠠ ᠵᠢᠨ ᠪᠠᠶᠢᠭ᠎ᠠ ᠭᠠᠵᠠᠷ ᠵᠢᠴᠢ ᠤᠳᠥ ᠰᠠᠭᠤᠭ᠎ᠠ ᠭᠠᠵᠠᠷ ᠦᠪᠦᠷ ᠮᠤᠩᠭᠤᠯᠬᠦᠯᠦᠨ ᠪᠤᠶᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ ** ᠰᠣᠮᠣᠨ ** ᠭᠠᠴᠠᠭᠠᠨ ** ᠳ᠋ᠣᠭᠠᠷ ᠨᠤᠮᠧᠷ᠃ ᠶᠠᠯ᠎ᠠ ᠵᠢᠨ ᠲᠡᠥᠬᠡ ᠲᠠᠢ ︵ᠠᠶᠥᠯᠳᠠᠢ ᠪᠠᠷ ᠲᠡᠷᠭᠡ ᠵᠢᠯᠤᠭᠤᠳᠤᠭᠰᠠᠨ ᠶᠠᠯ᠎ᠠ ᠪᠠᠷ 2017 ᠣᠨ 11 ᠰᠠᠷ᠎ᠠ ᠵᠢᠨ 29 ᠡᠳᠣᠷ ᠰᠢᠨ᠎ᠡ ᠪᠠᠷᠭᠤ ᠪᠠᠷᠠᠭᠤᠨ ᠬᠤᠰᠢᠭᠤᠨ ᠠᠷᠠᠳᠰᠢᠭᠦᠬᠦ ᠬᠤᠷᠢᠶᠠᠨ ᠳᠤ ᠭᠤᠷᠪᠠᠨ ᠰᠠᠷ᠎ᠠ ᠬᠤᠷᠢᠵᠣ ᠬᠦᠳᠡᠯᠮᠦᠷᠢᠯᠡᠬᠦ ᠪᠠᠷ ᠰᠢᠳᠭᠡᠭᠳᠡᠵᠦ᠂ ᠵᠢᠷᠭᠤᠭᠠᠨ ᠰᠠᠷ᠎ᠠ ᠠᠯᠭᠤᠷᠠᠭᠤᠯᠣᠨ ᠭᠦᠢᠴᠡᠳᠭᠡᠵᠦ᠂ ᠭᠤᠷᠪᠠᠨ ᠮᠢᠩᠭᠠᠨ ᠲᠦᠭᠦᠷᠢᠭ ᠢᠶᠠᠷ ᠶᠠᠯᠠᠯᠠᠬᠳᠠᠪᠠ ︶᠃ ᠵᠠᠭᠠᠯᠳᠤᠭᠳᠠᠭᠴᠢ ᠪᠢ ** ᠵᠢᠯᠣᠭᠤᠴᠢ ᠵᠢᠨ ᠦᠨᠡᠮᠯᠡᠯ ᠢᠶᠠᠨ ᠬᠤᠷᠢᠶᠠᠬᠳᠠᠬᠰᠠᠨ ᠬᠤᠭᠤᠴᠠᠭᠠᠨ ᠳᠤ ᠲᠡᠷᠭᠡ ᠵᠢᠯᠣᠭᠤᠳᠴᠣ 1000 ᠲᠦᠭᠦᠷᠢᠭ ᠢᠶᠠᠷ ᠲᠣᠷᠭᠠᠬᠳᠠᠵᠣ᠂ ᠬᠡᠷᠡᠭᠴᠡᠭᠡᠨ ᠠᠴᠠ ᠭᠠᠷᠭᠠᠬᠰᠠᠨ ᠪᠠᠷᠢᠮᠵᠢᠶ᠎ᠠ ᠬᠡᠮᠵᠢᠶᠡᠨ ᠳᠤ ᠬᠦᠷᠦᠭᠰᠡᠨ ᠲᠡᠷᠭᠡ ᠵᠢᠯᠣᠭᠤᠳᠴᠣ 1000 ᠲᠦᠭᠦᠷᠢᠭ ᠢᠶᠠᠷ ᠲᠣᠷᠭᠠᠬᠳᠠᠵᠣ᠂ 2021 ᠤᠨ 4 ᠰᠠᠷ᠎ᠠ ᠵᠢᠨ 26 ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ ᠲᠤᠳᠥᠭᠠᠳᠥ ᠬᠠᠮᠠᠭᠠᠯᠠᠬᠤ ᠲᠤᠪᠴᠢᠶᠠᠨ ᠳᠤ ᠨᠡᠶᠢᠯᠡᠭᠦᠯᠤᠨ ᠭᠦᠢᠴᠡᠳᠭᠡᠵᠣ ᠠᠷᠠᠳᠵᠣᠭᠤᠰ 2000 ᠲᠦᠭᠦᠷᠢᠭ ᠢᠶᠠᠷ ᠲᠣᠷᠭᠠᠬᠳᠠᠪᠠ᠃ ᠵᠠᠭᠠᠯᠳᠤᠭᠳᠠᠭᠴᠢ ᠪᠢ ** ᠠᠶᠥᠯᠳᠠᠢ ᠪᠠᠷ ᠲᠡᠷᠭᠡ ᠵᠢᠯᠤᠭᠤᠳᠤᠭᠰᠠᠨ ᠬᠡᠷᠡᠭ ᠲᠤ ᠬᠤᠯᠪᠤᠭᠳᠠᠵᠤ᠂ 2021 ᠣᠨ 4 ᠰᠠᠷ᠎ᠠ ᠵᠢᠨ 29 ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ ᠲᠤᠳᠥᠭᠠᠳᠥ ᠬᠠᠮᠠᠭᠠᠯᠠᠬᠤ ᠲᠤᠪᠴᠢᠶᠠᠨ ᠳᠤ ᠪᠠᠲᠤᠯᠠᠭ᠎ᠠ ᠠᠪᠴᠥ ᠰᠢᠭᠦᠬᠦ ᠬᠦᠯᠢᠶᠡᠯᠭᠡᠪᠡ᠃
ᠵᠠᠭᠠᠯᠳᠤᠭᠳᠠᠭᠴᠢ ᠪᠢ **ᠠᠶᠥᠯᠳᠠᠢ ᠪᠠᠷ ᠲᠡᠷᠭᠡ ᠵᠢᠯᠤᠭᠤᠳᠤᠭᠰᠠᠨ ᠨᠢᠭᠡᠨ ᠬᠡᠷᠡᠭ ᠢ ᠰᠢᠨ᠎ᠡ ᠪᠠᠷᠭᠤ ᠪᠠᠷᠠᠭᠤᠨ ᠬᠤᠰᠢᠭᠤᠨ ᠲᠤᠳᠥᠭᠠᠳᠥ ᠬᠠᠮᠠᠭᠠᠯᠠᠬᠤ ᠲᠤᠪᠴᠢᠶ᠎ᠠ ᠲᠤᠷᠰᠢᠨ ᠪᠠᠶᠢᠴᠠᠭᠠᠯᠳᠠ ᠪᠠᠨ ᠲᠠᠭᠤᠰᠬᠠᠭᠠᠳ᠂ 2021 ᠤᠨ 6 ᠰᠠᠷ᠎ᠠ ᠵᠢᠨ 15 ᠡᠳᠦᠷ ᠮᠠᠨ ᠬᠤᠷᠢᠶᠠᠨ ᠳᠤ ᠬᠢᠨᠠᠨ ᠪᠠᠶᠢᠴᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠂ ᠮᠠᠨ ᠬᠤᠷᠢᠶ᠎ᠠ ᠬᠡᠷᠡᠭᠡᠪᠬᠡᠮᠡᠯ ᠢ ᠬᠦᠯᠢᠶᠡᠨ ᠠᠪᠤᠭᠰᠠᠨ ᠰᠡᠭᠦᠯᠡᠷ᠂ 2021 ᠤᠨ 6 ᠰᠠᠷ᠎ᠠ ᠵᠢᠨ 16 ᠡᠳᠦᠷ ᠵᠠᠭᠠᠯᠳᠤᠭᠳᠠᠭᠴᠢ ᠪᠢ ** ᠲᠤ ᠦᠮᠦᠭᠯᠡᠭᠴᠢ ᠨᠠᠶᠢᠳᠠᠬᠤ ᠡᠷᠬᠡ ᠪᠠ ᠶᠠᠯ᠎ᠠ ᠡᠷᠡᠬᠦᠦ ᠪᠠᠨ ᠮᠡᠳᠡᠷᠡᠬᠦ ᠠᠴᠠ ᠪᠤᠯᠤᠭᠰᠠᠨ ᠬᠠᠤᠯᠢ ᠴᠠᠭᠠᠵᠠ ᠵᠢᠨ ᠦᠷ᠎ᠡ ᠳ᠋ᠦᠩ ᠢ ᠮᠡᠳᠡᠭᠳᠡᠵᠦ᠂ ᠬᠠᠥᠯᠢ ᠶᠤᠰᠤᠭᠠᠷ ᠵᠠᠭᠠᠯᠳᠤᠭᠳᠠᠭᠴᠢ ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠵᠢᠵᠢᠭᠦᠷ ᠬᠠᠤᠯᠢᠴᠢ ᠵᠢᠨ ᠰᠠᠨᠠᠯ ᠢ ᠰᠤᠨᠤᠰᠴᠦ᠂ ᠪᠦᠬᠦ ᠬᠡᠷᠡᠭᠮᠠᠲ᠋ᠧᠷᠢᠶᠠᠯ ᠢ ᠬᠢᠨᠠᠨ ᠪᠠᠶᠢᠴᠠᠭᠠᠪᠠ᠃ ᠵᠠᠭᠠᠯᠳᠤᠭᠳᠠᠭᠴᠢ ᠲᠤᠰ ᠬᠡᠷᠡᠭ ᠢ ᠲᠦᠷᠬᠡᠨ ᠲᠠᠰᠤᠯᠤᠯᠳᠠ ᠵᠢᠨ ᠵᠢᠷᠤᠮ ᠢ ᠬᠡᠷᠡᠭᠯᠡᠨ ᠰᠢᠬᠦᠬᠦ ᠵᠦᠪᠰᠢᠶᠡᠷᠡᠪᠡ᠃
ᠤᠳᠤ ᠬᠢᠨᠠᠨ ᠪᠠᠶᠢᠴᠠᠭᠠᠵᠣ ᠲᠤᠳᠤᠯᠠᠬᠰᠠᠨ ᠢᠶᠠᠷ᠄
2021 ᠤᠨ 4 ᠰᠠᠷ᠎ᠠ ᠵᠢᠨ 20 ᠡᠳᠦᠷ8 ᠴᠠᠭᠦᠶ᠎ᠡ ᠪᠠᠷ᠂ ᠵᠠᠭᠠᠯᠳᠤᠭᠳᠠᠭᠴᠢ ᠪᠢ ** ᠵᠢᠯᠣᠭᠤᠴᠢ ᠵᠢᠨ ᠦᠨᠡᠮᠯᠡᠯ ᠢᠶᠠᠨ ᠬᠤᠷᠢᠶᠠᠬᠳᠠᠬᠰᠠᠨ ᠬᠤᠭᠤᠴᠠᠭᠠᠨ ᠳᠤ ᠰᠤᠭᠳᠤᠭᠤ ᠪᠠᠷ ᠬᠡᠷᠡᠭᠴᠡᠭᠡᠨ ᠠᠴᠠ ᠭᠠᠷᠭᠠᠬᠰᠠᠨ ᠪᠠᠷᠢᠮᠵᠢᠶ᠎ᠠ ᠬᠡᠮᠵᠢᠶᠡᠨ ᠳᠤ ᠬᠦᠷᠦᠭᠰᠡᠨ ᠦᠨᠡᠰᠦᠨ ᠦᠩᠬᠡᠳᠡᠢ ** ᠨᠠᠷᠡᠮᠵᠢᠳᠤ ᠪᠠᠭ᠎ᠠ ᠬᠡᠯᠪᠡᠷᠢ ᠵᠢᠨ ᠮᠢᠶᠠᠨᠪᠣᠣ ᠲᠠᠷᠬᠡ ᠵᠢᠯᠤᠭᠤᠳᠴᠤ᠂ ᠰᠢᠨ᠎ᠡ ᠪᠠᠷᠭᠤ ᠪᠠᠷᠠᠭᠤᠨ ᠬᠤᠰᠢᠭᠤᠨ ᠪᠣᠶᠢᠷ ᠰᠣᠮᠣᠨ ᠵᠠᠮ ᠢᠶᠠᠷ ᠵᠡᠭᠦᠨ ᠠᠴᠠ ᠪᠠᠷᠠᠭᠤᠨᠰᠢ ᠶᠠᠪᠣᠵᠣ ᠪᠠᠶᠢᠭᠠᠳ ᠰᠢᠨ᠎ᠡ ᠪᠠᠷᠭᠤ ᠪᠠᠷᠠᠭᠤᠨ ᠬᠤᠰᠢᠭᠤᠨ ᠲᠤᠳᠥᠭᠠᠳᠥ ᠬᠠᠮᠠᠭᠠᠯᠠᠬᠤ ᠲᠤᠪᠴᠢᠶᠠᠨ ᠵᠠᠮ ᠬᠠᠷᠢᠯᠴᠠᠭᠠᠨ ᠬᠠᠮᠢᠶᠠᠷᠤᠯᠳᠠ ᠵᠢᠨ ᠶᠡᠭᠡ ᠠᠩᠬᠢ ᠵᠢᠨ ᠴᠠᠭᠳᠠᠭᠠᠨ ᠳᠤ ᠲᠤᠰᠤᠭᠳᠠᠨ ᠪᠠᠶᠢᠴᠠᠭᠠᠭᠳᠠᠪᠠ᠃ ᠰᠢᠯᠭᠠᠨ ᠪᠠᠶᠢᠴᠠᠭᠠᠭᠰᠠᠨ ᠢᠶᠠᠷ᠂ ᠲᠤᠬᠠᠢ ᠵᠢᠨ ᠦᠶᠡᠰ ᠵᠠᠭᠠᠯᠳᠤᠭᠳᠠᠭᠴᠢ ᠪᠢ **ᠴᠢᠰᠥᠨ ᠳᠠᠬᠢ ᠰᠫᠢᠷᠲᠠᠭᠤᠯᠤᠭᠳᠠᠴᠠ ᠨᠢ 127.45mg/100ml ᠪᠠᠵᠢᠨ᠎ᠠ᠃
ᠲᠡᠭᠡᠷᠡᠬᠢ ᠪᠤᠳᠠᠳᠤ ᠬᠡᠷᠡᠭ ᠢ ᠨᠤᠳᠠᠯᠠᠬᠤ ᠭᠡᠷᠡᠴᠢ ᠲᠤᠥᠷᠠᠬᠢ ᠮᠡᠳᠦ᠄
1. ᠪᠢᠴᠢᠭᠭᠡᠷᠡᠴᠢ᠄ ᠬᠡᠷᠡᠭ ᠬᠦᠯᠢᠶᠠᠨ ᠠᠪᠴᠤ ᠰᠢᠢᠳᠪᠦᠷᠢᠯᠡᠬᠦ ᠲᠠᠩᠰᠠᠯᠠᠯᠬᠦᠰᠦᠨᠦᠭᠳᠤ᠂ ᠬᠡᠷᠡᠭ ᠪᠤᠯᠭᠠᠨ ᠲᠠᠩᠰᠡᠯᠡᠬᠤ ᠲᠤᠭᠳᠠᠭᠠᠯᠪᠢᠴᠢᠭ᠂ ᠪᠠᠶᠢᠴᠠᠭᠠᠨ ᠢᠯᠡᠷᠡᠬᠦᠯᠦᠭᠰᠡᠨ ᠦᠡᠭᠭᠡᠷᠡᠯᠳᠡ᠂ ᠡᠷᠤᠬᠡ ᠠᠮᠠ ᠵᠢᠨ ᠬᠡᠷᠡᠴᠢ ᠵᠡᠷᠭᠡ︔ 2. ᠬᠡᠷᠡᠴᠢ ᠬᠦᠮᠤᠨ ᠲ **ᠬᠡᠷᠡᠴᠢ ᠦᠭᠡ︔ 3. ᠵᠠᠭᠠᠯᠳᠤᠭᠳᠠᠭᠴᠢ ᠪᠢ **ᠦᠴᠢᠭᠯᠡᠯᠳᠠ ᠪᠡ ᠵᠦᠪᠳᠤᠬᠡᠯᠳᠠ︔ 4. ᠰᠢᠯᠭᠠᠨ ᠲᠤᠭᠳᠠᠭᠠᠯᠳᠠ ᠵᠢᠨ ᠰᠠᠨᠠᠯ︔ 5. ᠦᠵᠡᠵᠦ ᠰᠣᠨᠣᠰᠬᠤ ᠮᠠᠲ᠋ᠧᠷᠢᠶᠠᠯ ᠲᠦᠷᠪᠡᠨ ᠬᠤᠪᠢ᠃
ᠲᠡᠬᠡᠷᠡᠬᠢ ᠬᠡᠷᠡᠴᠢ ᠬᠠᠤᠯᠢ ᠶᠤᠰᠤ ᠪᠠᠷ ᠴᠤᠭᠯᠠᠭᠤᠯᠵᠦ᠂ ᠠᠭᠤᠯᠭ᠎ᠠ ᠨᠢ ᠪᠤᠰᠤᠳᠴᠢ ᠦᠨᠠᠨ ᠪᠤᠳᠠᠳᠠᠢ᠂ ᠵᠠᠭᠠᠯᠳᠤᠭᠰᠠᠨ ᠪᠤᠳᠠᠳᠤ ᠬᠡᠷᠡᠭ ᠢ ᠬᠡᠷᠡᠴᠢᠯᠡᠵᠦ ᠲᠠᠶᠢᠯᠤᠨ᠎ᠠ᠃ ᠵᠠᠭᠠᠯᠳᠤᠭᠳᠠᠭᠴᠢ ᠪᠢ ** ᠵᠠᠭᠠᠯᠳᠤᠭᠰᠠᠨ ᠪᠤᠳᠠᠳᠤ ᠬᠡᠷᠡᠭ ᠪᠠ ᠬᠡᠷᠡᠴᠢ ᠳᠤ ᠰᠠᠨᠠᠯ ᠦᠬᠡᠢ᠂ ᠦᠪᠡᠷᠲᠤᠷᠠ ᠠᠴᠠ ᠪᠠᠨ ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠵᠢᠨ᠎ᠠ᠃
ᠮᠠᠨ ᠬᠤᠷᠢᠶᠠᠨ ᠦᠵᠡᠬᠦ ᠪᠠᠷ᠂ ᠵᠠᠭᠠᠯᠳᠤᠭᠳᠠᠭᠴᠢ ᠪᠢ** ᠵᠠᠮ ᠲᠠᠬᠡᠷ᠎ᠡ ᠰᠤᠭᠳᠤᠭᠤ ᠪᠠᠷ ᠮᠠᠰᠢᠨ ᠲᠡᠷᠭᠡ ᠵᠢᠯᠤᠭᠤᠳᠤᠭᠰᠠᠨ ᠦᠢᠯᠡ ᠠᠵᠢᠯᠯᠠᠭ᠎ᠠ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠨᠢᠭᠡ ᠵᠠᠭᠤ ᠭᠤᠴᠢᠨ ᠭᠤᠷᠪᠠᠳᠤᠭᠠᠷ ᠵᠦᠢᠯ ᠳᠠᠬᠢ ᠨᠢᠭᠡ ᠲᠤᠬᠲᠠᠭᠠᠯ ᠢ ᠵᠦᠷᠢᠴᠡᠵᠤ᠂ ᠶᠠᠯ᠎ᠠ ᠵᠢᠨ ᠪᠤᠳᠠᠲᠤ ᠬᠡᠷᠡᠭ ᠨᠢ ᠲᠤᠳᠤᠷᠬᠠᠢ᠂ ᠭᠡᠷᠡᠴᠢ ᠪᠠᠷᠢᠮᠲᠠ ᠨᠢ ᠪᠦᠷᠢᠨ ᠭᠦᠢᠴᠡᠳ᠂ ᠠᠶᠥᠯᠳᠠᠢ ᠪᠠᠷ ᠲᠡᠷᠭᠡ ᠵᠢᠯᠤᠭᠤᠳᠤᠭᠰᠠᠨ ᠶᠠᠯ᠎ᠠ ᠪᠠᠷ ᠡᠷᠡᠭᠦᠦ ᠵᠢᠨ ᠬᠠᠷᠢᠭᠤᠴᠠᠯᠭ᠎ᠠ ᠨᠡᠭᠡᠮᠵᠢᠯᠡᠪᠡᠯ ᠵᠤᠬᠢᠨ᠎ᠠ᠃ ᠵᠠᠭᠠᠯᠳᠤᠭᠳᠠᠭᠴᠢ ᠪᠢ ** ᠪᠠᠷᠢᠪᠴᠢᠯᠠᠬᠳᠠᠬᠰᠠᠨ ᠰᠡᠭᠦᠯᠡᠷ ᠦᠪᠡᠷᠶᠠᠯᠠᠲᠦ ᠠᠵᠢᠯᠯᠠᠭ᠎ᠠ ᠪᠠᠨ ᠦᠨᠡᠨ ᠢᠶᠠᠷ ᠦᠴᠢᠭᠯᠡᠭᠰᠡᠨ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠵᠢᠷᠠᠨ ᠳᠤᠯᠤᠳᠤᠭᠠᠷ ᠵᠦᠢᠯᠭᠤᠷᠪᠠᠳᠤᠭᠠᠷ ᠵᠤᠷᠪᠤᠰ ᠢ ᠦᠨᠳᠦᠰᠦᠯᠡᠪᠡᠯ᠂ ᠴᠠᠭᠠᠪᠤᠷᠢᠯᠠᠬᠰᠠᠨ ᠳᠤ ᠲᠤᠭᠠᠴᠢᠬᠳᠠᠨᠠ᠃ ᠵᠠᠭᠠᠯᠳᠤᠭᠳᠠᠭᠴᠢ ᠪᠢ ** ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠶᠢᠬᠤ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠠᠷᠪᠠᠨ ᠲᠠᠪᠣᠳᠣᠭᠠᠷ ᠵᠦᠢᠯ ᠢ ᠦᠨᠳᠦᠰᠦᠯᠡᠵᠦ ᠠᠭᠤᠴᠢᠯᠠᠨ ᠰᠢᠳᠭᠡᠵᠣ ᠪᠣᠯᠣᠨ᠎ᠠ᠃ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠵᠠᠷᠭᠤ ᠵᠢᠨ ᠬᠠᠥᠯᠢ﹀﹀ ᠵᠢᠨ ᠨᠢᠭᠡ ᠵᠠᠭᠤ ᠲᠠᠯᠠᠨ ᠵᠢᠷᠭᠤᠳᠤᠭᠠᠷ ᠵᠥᠢᠯᠲᠤᠭᠳᠠᠭᠠᠯ ᠢ ᠦᠨᠳᠦᠰᠦᠯᠡᠵᠦ᠂ ᠵᠠᠭᠠᠯᠳᠤᠭᠳᠠᠭᠴᠢ ᠪᠢ ** ᠲᠤ ᠠᠯᠪᠠᠨ ᠵᠠᠭᠠᠯᠳᠤᠯᠭ᠎ᠠ ᠬᠢᠪᠡ᠃ ᠬᠠᠥᠯᠢ ᠶᠤᠰᠤᠭᠠᠷ ᠰᠢᠳᠭᠡᠬᠦ ᠪᠤᠯᠪᠠᠥ᠃
ᠡᠭᠦᠨ ᠲᠤᠯᠠ
ᠰᠢᠨ᠎ᠡ ᠪᠠᠷᠭᠤ ᠪᠠᠷᠠᠭᠤᠨ ᠬᠤᠰᠢᠭᠤᠨ ᠠᠷᠠᠳᠰᠢᠭᠦᠬᠦ ᠬᠤᠷᠢᠶ᠎ᠠ ᠳᠤ
ᠪᠠᠶᠢᠴᠠᠭᠠᠬᠴᠢ᠄ ᠰᠢᠶᠣᠣ ᠶᠦᠨ ᠲᠣᠰᠠᠯᠠᠨ ᠪᠠᠶᠢᠴᠠᠭᠠᠬᠴᠢ᠄ ᠭᠤᠶᠣᠬᠠᠨ
2021 ᠣᠨ 6 ᠰᠠᠷ᠎ᠠ ᠵᠢᠨ 22 ᠡᠳᠦᠷ
ᠲᠠᠭᠠᠯᠳᠤᠭᠤᠯᠬᠤ ᠨᠢ᠄
1. ᠵᠠᠭᠠᠯᠳᠤᠭᠳᠠᠭᠴᠢ ᠪᠢ ** ᠰᠢᠨ᠎ᠡ ᠪᠠᠷᠭᠤ ᠪᠠᠷᠠᠭᠤᠨ ᠬᠤᠰᠢᠭᠤᠨ ᠲᠤᠳᠥᠭᠠᠳᠥ ᠬᠠᠮᠠᠭᠠᠯᠠᠬᠤ ᠲᠤᠪᠴᠢᠶᠠᠨ ᠳᠤ ᠪᠠᠲᠤᠯᠠᠭ᠎ᠠ ᠠᠪᠴᠥ ᠰᠢᠭᠦᠬᠦ ᠬᠦᠯᠢᠶᠡᠯᠭᠡᠪᠡ᠃
2. ᠲᠤᠰ ᠬᠡᠷᠡᠭᠡᠪᠬᠡᠮᠠᠯ ᠮᠠᠲ᠋ᠧᠷᠢᠶᠠᠯ ᠬᠤᠶᠠᠷ ᠪᠤᠳᠢ᠂ ᠦᠵᠡᠵᠦ ᠰᠣᠨᠣᠰᠬᠤ ᠮᠠᠲ᠋ᠧᠷᠢᠶᠠᠯ ᠭᠤᠷᠪᠠᠨ ᠬᠤᠪᠢ᠃
3. ᠶᠠᠯ᠎ᠠ ᠪᠠᠨ ᠮᠡᠳᠡᠷᠡᠵᠦ ᠰᠢᠳᠭᠡᠯ ᠢ ᠬᠦᠯᠢᠶᠡᠭᠰᠡᠨ ᠬᠡᠮᠰᠢᠬᠦ ᠪᠠᠳᠤᠯᠠᠭ᠎ᠠ ᠵᠢᠨ ᠪᠢᠴᠢᠭ ᠨᠢᠬᠡ ᠬᠤᠪᠢ᠃
4. ᠡᠷᠡᠬᠦᠦ ᠣᠨᠣᠬᠳᠠᠭᠤᠯᠬᠤ ᠰᠠᠨᠠᠯᠪᠢᠴᠢᠭ ᠬᠤᠶᠠᠷ ᠬᠤᠪᠢ᠃