ᠥᠪᠥᠷ ᠮᠣᠩᠭᠣᠯ  内蒙古

ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳ ᠪᠠᠶᠢᠴᠠᠭᠠᠬᠤ ᠬᠤᠷᠢᠶᠠᠨ  ᠵᠠᠭᠠᠯᠳᠥᠬᠤ ᠪᠢᠴᠢᠭ

2021-12-31 15:09:04

                                            ᠰᠢᠨ᠎ᠡ ᠪᠠᠷᠠᠭᠤᠨ ᠪᠠᠶᠢᠴᠠᠭᠠᠬᠤ ᠡᠷᠡᠭᠦᠦ ᠵᠠᠭᠠᠯᠳᠥᠬᠤ ︵2021︶ 62 ᠳ᠋ᠦ᠋ᠭᠡᠷ ᠲᠤᠭᠠᠳᠥ

      

     ᠵᠠᠭᠠᠯᠳᠤᠭᠳᠠᠭᠴᠢ ᠴᠸᠡ **᠂ ᠡᠷᠡᠭᠳᠡᠢ᠂ 1980 ᠤᠨ  ** ᠰᠠᠷ᠎ᠠ ᠵᠢᠨ **  ᠡᠳᠦᠷ ᠲᠦᠷᠦᠪᠡ᠂ ᠡᠷᠬᠡᠳᠤ ᠠᠷᠠᠳᠪᠡᠶ᠎ᠡ ᠵᠢᠨ ᠦᠨᠡᠮᠯᠡᠯᠨᠤᠮᠧᠷ 1521291980********᠂ ᠮᠤᠩᠭᠤᠯ ᠦᠨᠳᠦᠰᠦᠳᠡᠨ᠂ ᠪᠠᠭ᠎ᠠ ᠰᠣᠷᠭᠠᠭᠤᠯᠢ ᠵᠢᠨ ᠰᠣᠶᠣᠯᠬᠡᠮᠵᠢᠶ᠎ᠡ ᠲᠠᠢ᠂ ᠲᠣᠬᠳᠠᠬᠰᠨ ᠠᠵᠢᠯ ᠦᠭᠡᠢ᠂ ᠡᠷᠦᠬᠡ ᠠᠮᠠ ᠵᠢᠨ ᠪᠠᠶᠢᠭ᠎ᠠ ᠭᠠᠵᠠᠷ ᠦᠪᠦᠷ ᠮᠤᠩᠭᠤᠯᠬᠦᠯᠦᠨ ᠪᠤᠶᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ  ** ᠰᠣᠮᠣᠨ  ** ᠭᠠᠴᠠᠭ᠎ᠠ ᠵᠢᠨ **᠂ ᠤᠳᠥ ᠲᠣᠬᠳᠠᠬᠰᠠᠨ ᠰᠠᠭᠤᠭ᠎ᠠ ᠭᠠᠵᠠᠷ ᠦᠭᠡᠢ᠃ ᠶᠠᠯ᠎ᠠ ᠵᠢᠨ ᠲᠡᠥᠬᠡ ᠦᠭᠡᠢ᠃ ᠵᠠᠭᠠᠯᠳᠤᠭᠳᠠᠭᠴᠢ ᠴᠸᠡ ** ᠬᠤᠯᠠᠭᠠᠢ ᠵᠢᠨ ᠬᠡᠷᠡᠭ ᠲᠤ ᠬᠤᠯᠪᠤᠭᠳᠠᠵᠤ᠂ 2021 ᠣᠨ  6 ᠰᠠᠷ᠎ᠠ ᠵᠢᠨ 24  ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠡᠷᠡᠭᠦᠦ ᠵᠢᠨ ᠲᠦᠷ ᠬᠤᠷᠢᠯᠲᠠ ᠪᠠᠷ ᠬᠤᠷᠢᠬᠳᠠᠵᠣ᠂ ᠲᠣᠰ ᠵᠢᠯ7 ᠰᠠᠷ᠎ᠠ ᠵᠢᠨ 8  ᠡᠳᠦᠷ ᠮᠠᠨ  ᠬᠤᠷᠢᠶᠠᠨ  ᠵᠦᠪᠰᠢᠶᠠᠷᠡᠯ ᠢᠶᠠᠷ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠪᠠᠷᠢᠪᠴᠢᠯᠠᠬᠳᠠᠪᠠ᠃

     ᠵᠠᠭᠠᠯᠳᠤᠭᠳᠠᠭᠴᠢ ᠴᠸᠡ **ᠬᠤᠯᠠᠭᠠᠢ ᠵᠢᠨ ᠨᠢᠭᠡᠨ ᠬᠡᠷᠡᠭ ᠢ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶ᠎ᠠ ᠲᠤᠷᠰᠢᠨ ᠪᠠᠶᠢᠴᠠᠭᠠᠯᠳᠠ ᠪᠠᠨ ᠲᠠᠭᠤᠰᠬᠠᠭᠠᠳ᠂ 2021 ᠤᠨ  9 ᠰᠠᠷ᠎ᠠ ᠵᠢᠨ 6  ᠡᠳᠦᠷ ᠮᠠᠨ  ᠬᠤᠷᠢᠶᠠᠨ ᠳᠤ ᠬᠢᠨᠠᠨ ᠪᠠᠶᠢᠴᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠂ ᠮᠠᠨ  ᠬᠤᠷᠢᠶ᠎ᠠ ᠬᠡᠷᠡᠭᠡᠪᠬᠡᠮᠡᠯ ᠢ ᠬᠦᠯᠢᠶᠡᠨ ᠠᠪᠤᠭᠰᠠᠨ  ᠰᠡᠭᠦᠯᠡᠷ᠂ 2021 ᠤᠨ  9 ᠰᠠᠷ᠎ᠠ ᠵᠢᠨ 6  ᠡᠳᠦᠷ ᠵᠠᠭᠠᠯᠳᠤᠭᠳᠠᠭᠴᠢ ᠴᠸᠡ ** ᠳᠤ ᠦᠮᠦᠭᠯᠡᠭᠴᠢ ᠨᠠᠶᠢᠳᠠᠬᠤ ᠡᠷᠬᠡ ᠪᠠ ᠶᠠᠯ᠎ᠠ ᠡᠷᠡᠬᠦᠦ ᠪᠠᠨ ᠮᠡᠳᠡᠷᠡᠬᠦ ᠠᠴᠠ ᠪᠤᠯᠤᠭᠰᠠᠨ ᠬᠠᠤᠯᠢ ᠴᠠᠭᠠᠵᠠ ᠵᠢᠨ ᠦᠷ᠎ᠡ ᠳ᠋ᠦᠩ ᠢ ᠮᠡᠳᠡᠭᠳᠡᠵᠦ᠂ ᠲᠣᠰ ᠡᠳᠦᠷ ᠲᠤ ᠨᠢ ᠬᠤᠣᠷᠯᠠᠬᠳᠠᠬᠴᠢ ᠳᠤ ᠬᠠᠥᠯᠢ ᠶᠤᠰᠤᠭᠠᠷ ᠡᠳ᠋ᠯᠡᠬᠦ ᠵᠠᠷᠭᠤ ᠵᠢᠨ ᠡᠷᠬᠡ  ᠮᠡᠳᠡᠭᠳᠡᠵᠦ᠂ ᠬᠠᠥᠯᠢ ᠶᠤᠰᠤᠭᠠᠷ ᠵᠠᠭᠠᠯᠳᠤᠭᠳᠠᠭᠴᠢ  ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠵᠢᠵᠢᠭᠦᠷ ᠬᠠᠤᠯᠢᠴᠢ ᠵᠢᠨ ᠰᠠᠨᠠᠯ ᠢ ᠰᠤᠨᠤᠰᠴᠦ᠂ ᠪᠦᠬᠦ ᠬᠡᠷᠡᠭᠮᠠᠲ᠋ᠧᠷᠢᠶᠠᠯ ᠢ ᠬᠢᠨᠠᠨ ᠪᠠᠶᠢᠴᠠᠭᠠᠪᠠ᠃ ᠵᠠᠭᠠᠯᠳᠤᠭᠳᠠᠭᠴᠢ ᠲᠤᠰ ᠬᠡᠷᠡᠭ ᠢ ᠬᠢᠯᠪᠠᠷᠴᠢᠯᠠᠬᠰᠠᠨ ᠵᠢᠷᠤᠮ ᠢ ᠬᠡᠷᠡᠭᠯᠡᠨ ᠰᠢᠬᠦᠬᠦ  ᠵᠦᠪᠰᠢᠶᠡᠷᠡᠪᠡ᠃

     ᠤᠳᠤ ᠬᠢᠨᠠᠨ ᠪᠠᠶᠢᠴᠠᠭᠠᠵᠣ ᠲᠤᠳᠤᠯᠠᠬᠰᠠᠨ ᠢᠶᠠᠷ᠄

     2021 ᠤᠨ  6 ᠰᠠᠷ᠎ᠠ ᠵᠢᠨ 22  ᠡᠳᠦᠷ24 ᠴᠠᠭᠦᠶ᠎ᠡ ᠪᠠᠷ᠂ ᠵᠠᠭᠠᠯᠳᠤᠭᠳᠠᠭᠴᠢ ᠴᠸᠡ ** ᠪᠣᠤ ** ᠠᠴᠠ ᠵᠢᠭᠡᠯᠡᠭᠰᠡᠨ ᠬᠦᠬᠡ ᠦᠩᠬᠡᠳᠡᠢ ** ᠨᠠᠷᠡᠮᠵᠢᠳᠤ 125 ᠮᠣᠲ᠋ᠣᠷ ᠲᠠᠷᠬᠡ ᠵᠢᠯᠤᠭᠤᠳᠴᠤ ᠭᠦᠦ ᠭ ** ᠪᠠᠨ ᠲᠡᠭᠡᠭᠡᠵᠦ ᠰᠢᠨ᠎ᠡ ᠪᠠᠷᠭᠤ ᠪᠠᠷᠠᠭᠤᠨ ᠬᠤᠰᠢᠭᠤᠨ  ** ᠰᠣᠮᠣ ᠵᠢᠨ ** ᠭᠠᠴᠠᠭᠠᠨ  ᠦ ** ᠵᠢᠨ ᠮᠠᠯᠵᠢᠯᠰᠠᠭᠤᠷᠢᠰᠢᠯ ᠬᠦᠷᠴᠦ ᠭ** ᠳᠤ ᠮᠠᠨ  ᠠᠳᠣᠭᠤ ᠭᠡᠵᠦ ᠬᠤᠳᠠᠯ ᠬᠡᠯᠡᠵᠦ᠂ 17 ᠠᠳᠣᠭᠤ  ᠬᠤᠯᠠᠭᠠᠶᠢᠯᠠᠪᠠ᠃ ᠰᠢᠯᠭᠠᠨ ᠪᠠᠶᠢᠴᠠᠭᠠᠭᠰᠠᠨ ᠢᠶᠠᠷ᠂ ᠬᠤᠯᠠᠭᠠᠶᠢᠯᠠᠬᠳᠠᠬᠰᠠᠨ 17 ᠠᠳᠣᠭᠤ ᠵᠢᠨ ᠶᠡᠷᠦᠩᠬᠡᠢ ᠦᠨ᠎ᠡ ᠨᠢ ᠠᠷᠠᠳᠵᠤᠭᠤᠰ 129900 ᠲᠦᠭᠦᠷᠢᠭ᠃

      ᠵᠠᠭᠠᠯᠳᠤᠭᠳᠠᠭᠴᠢ ᠴᠸᠡ ** 2021 ᠤᠨ  6 ᠰᠠᠷ᠎ᠠ ᠵᠢᠨ 23  ᠡᠳᠦᠷ ᠴᠠᠬᠳᠠᠭ᠎ᠠ ᠳᠤ ᠪᠠᠷᠢᠪᠴᠢᠯᠠᠬᠳᠠᠬᠰᠠᠨ  ᠰᠡᠭᠦᠯᠡᠷ ᠲᠡᠭᠡᠷᠡᠬᠢ ᠪᠣᠳᠠᠲᠣ ᠬᠡᠷᠡᠭ ᠢ ᠦᠨᠡᠨ ᠢᠶᠠᠷ ᠨᠢ ᠦᠴᠢᠭᠯᠡᠪᠡ᠃ ᠬᠡᠷᠡᠭ ᠲᠤ ᠬᠤᠯᠪᠣᠬᠳᠠᠬᠰᠠᠨ ᠪᠣᠳᠠᠰ ᠢ ᠪᠠᠶᠢᠴᠠᠭᠠᠨ ᠣᠯᠵᠣ ᠬᠤᠣᠷᠯᠠᠬᠳᠠᠬᠴᠢ ᠳᠤ ᠪᠣᠴᠠᠭᠠᠵᠣ ᠠᠭᠤᠴᠢᠯᠠᠯ ᠢ ᠨᠢ ᠣᠯᠪᠠ᠃

      ᠲᠡᠭᠡᠷᠡᠬᠢ ᠪᠤᠳᠠᠳᠤ ᠬᠡᠷᠡᠭ ᠢ ᠨᠤᠳᠠᠯᠠᠬᠤ ᠭᠡᠷᠡᠴᠢ ᠲᠤᠥᠷᠠᠬᠢ ᠮᠡᠳᠦ᠄

     1. ᠪᠢᠴᠢᠭᠭᠡᠷᠡᠴᠢ᠄ ᠬᠡᠷᠡᠭ ᠬᠦᠯᠢᠶᠠᠨ ᠠᠪᠴᠤ ᠰᠢᠢᠳᠪᠦᠷᠢᠯᠡᠬᠦ ᠲᠠᠩᠰᠠᠯᠠᠯᠬᠦᠰᠦᠨᠦᠭᠳᠤ᠂ ᠬᠡᠷᠡᠭ ᠪᠤᠯᠭᠠᠨ ᠲᠠᠩᠰᠡᠯᠡᠬᠤ ᠲᠤᠭᠳᠠᠭᠠᠯᠪᠢᠴᠢᠭ᠂ ᠪᠠᠶᠢᠴᠠᠭᠠᠨ ᠢᠯᠡᠷᠡᠬᠦᠯᠦᠭᠰᠡᠨ ᠦᠡᠭᠭᠡᠷᠡᠯᠳᠡ᠂ ᠡᠷᠤᠬᠡ ᠠᠮᠠ ᠵᠢᠨ ᠬᠡᠷᠡᠴᠢ ᠵᠡᠷᠭᠡ︔ 2. ᠭᠡᠷᠡᠴᠢ ᠬᠦᠮᠤᠨ ᠭ **᠂ ᠯᠢᠶᠠᠨ **᠂ ᠢᠣᠢ **᠂ ᠵᠣᠣ ** ᠵᠡᠷᠭᠡ 13 ᠬᠦᠮᠥᠨ  ᠬᠡᠷᠡᠴᠢ ᠦᠭᠡ︔ 3. ᠬᠤᠣᠷᠯᠠᠬᠳᠠᠬᠴᠢ ᠦ** ᠵᠢᠨ ᠲᠣᠭᠠᠴᠢᠯᠲᠠ᠃ 4. ᠵᠠᠭᠠᠯᠳᠤᠭᠳᠠᠭᠴᠢ ᠴᠸᠡ **ᠦᠴᠢᠭᠯᠡᠯᠳᠠ ᠪᠡ ᠵᠦᠪᠳᠤᠬᠡᠯᠳᠠ︔ 5. ᠰᠢᠯᠭᠠᠨ ᠲᠤᠭᠳᠠᠭᠠᠯᠳᠠ ᠵᠢᠨ ᠰᠠᠨᠠᠯ︔ 6. ᠬᠠᠵᠢᠨ ᠪᠠᠶᠢᠴᠠᠭᠠᠬᠰᠠᠨ ᠲᠡᠮᠳᠡᠭᠯᠡᠯ᠂ ᠢᠯᠭᠠᠨ ᠲᠠᠨᠢᠭᠤᠯᠣᠬᠰᠠᠨ ᠲᠡᠮᠳᠡᠭᠯᠡᠯ᠃ 7. ᠦᠵᠡᠵᠦ ᠰᠣᠨᠣᠰᠬᠤ ᠮᠠᠲ᠋ᠧᠷᠢᠶᠠᠯ ᠠᠷᠪᠠᠨ ᠨᠢᠭᠡᠨ ᠬᠤᠪᠢ᠃

      ᠲᠡᠬᠡᠷᠡᠬᠢ ᠬᠡᠷᠡᠴᠢ  ᠬᠠᠤᠯᠢ ᠶᠤᠰᠤ ᠪᠠᠷ ᠴᠤᠭᠯᠠᠭᠤᠯᠵᠦ᠂ ᠠᠭᠤᠯᠭ᠎ᠠ ᠨᠢ ᠪᠤᠰᠤᠳᠴᠢ ᠦᠨᠠᠨ ᠪᠤᠳᠠᠳᠠᠢ᠂ ᠵᠠᠭᠠᠯᠳᠤᠭᠰᠠᠨ ᠪᠤᠳᠠᠳᠤ ᠬᠡᠷᠡᠭ ᠢ ᠬᠡᠷᠡᠴᠢᠯᠡᠵᠦ ᠲᠠᠶᠢᠯᠤᠨ᠎ᠠ᠃ ᠵᠠᠭᠠᠯᠳᠤᠭᠳᠠᠭᠴᠢ ᠴᠸᠡ ** ᠵᠠᠭᠠᠯᠳᠤᠭᠰᠠᠨ ᠪᠤᠳᠠᠳᠤ ᠬᠡᠷᠡᠭ ᠪᠠ ᠬᠡᠷᠡᠴᠢ ᠳᠤ ᠰᠠᠨᠠᠯ ᠦᠬᠡᠢ᠂ ᠦᠪᠡᠷᠲᠤᠷ᠎ᠠ ᠠᠴᠠ ᠪᠠᠨ ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠵᠢᠨ᠎ᠠ᠃

      ᠮᠠᠨ  ᠬᠤᠷᠢᠶᠠᠨ  ᠦᠵᠡᠬᠦ ᠪᠠᠷ᠂ ᠵᠠᠭᠠᠯᠳᠤᠭᠳᠠᠭᠴᠢ ᠴᠸᠡ ** ᠬᠠᠣᠯᠢ ᠪᠣᠰᠣ ᠪᠠᠷ ᠡᠵᠡᠯᠡᠬᠦ ᠵᠣᠷᠢᠯᠭ᠎ᠠ ᠪᠠᠷ ᠪᠣᠰᠣᠳᠡᠳ᠋ ᠪᠣᠳᠠᠰ ᠢ ᠬᠤᠯᠠᠭᠠᠶᠢᠯᠠᠨ ᠠᠪᠴᠣ᠂ ᠲᠤᠭ᠎ᠠ ᠬᠡᠮᠵᠢᠶ᠎ᠡ ᠨᠢ ᠯᠣᠳᠣ ᠶᠡᠭᠡ᠂  ᠡᠨᠡᠬᠦ ᠦᠢᠯᠡ ᠠᠵᠢᠯᠯᠠᠭ᠎ᠠ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠬᠤᠶᠠᠷ ᠵᠠᠭᠤ ᠵᠢᠷᠠᠨ ᠲᠦᠷᠪᠡᠳᠦᠭᠡᠷ ᠵᠦᠢᠯᠲᠤᠬᠲᠠᠭᠠᠯ ᠢ ᠵᠦᠷᠢᠴᠡᠵᠤ᠂ ᠶᠠᠯ᠎ᠠ ᠵᠢᠨ ᠪᠤᠳᠠᠲᠤ ᠬᠡᠷᠡᠭ ᠨᠢ ᠲᠤᠳᠤᠷᠬᠠᠢ᠂ ᠭᠡᠷᠡᠴᠢ ᠪᠠᠷᠢᠮᠲᠠ ᠨᠢ ᠪᠦᠷᠢᠨ ᠭᠦᠢᠴᠡᠳ᠂ ᠬᠤᠯᠠᠭᠠᠢ ᠵᠢᠨ ᠶᠠᠯ᠎ᠠ ᠪᠠᠷ ᠡᠷᠡᠭᠦᠦ ᠵᠢᠨ ᠬᠠᠷᠢᠭᠤᠴᠠᠯᠭ᠎ᠠ ᠨᠡᠭᠡᠮᠵᠢᠯᠡᠪᠡᠯ ᠵᠤᠬᠢᠨ᠎ᠠ᠃ ᠵᠠᠭᠠᠯᠳᠤᠭᠳᠠᠭᠴᠢ ᠴᠸᠡ ** ᠪᠠᠷᠢᠪᠴᠢᠯᠠᠬᠳᠠᠬᠰᠠᠨ  ᠰᠡᠭᠦᠯᠡᠷ ᠦᠪᠡᠷᠶᠠᠯᠠᠲᠦ ᠠᠵᠢᠯᠯᠠᠭ᠎ᠠ ᠪᠠᠨ ᠦᠨᠡᠨ ᠢᠶᠠᠷ ᠦᠴᠢᠭᠯᠡᠭᠰᠡᠨ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠵᠢᠷᠠᠨ ᠳᠤᠯᠤᠳᠤᠭᠠᠷ ᠵᠦᠢᠯᠭᠤᠷᠪᠠᠳᠤᠭᠠᠷ ᠵᠤᠷᠪᠤᠰ ᠢ  ᠦᠨᠳᠦᠰᠦᠯᠡᠵᠦ᠂ ᠴᠠᠭᠠᠪᠤᠷᠢᠯᠠᠬᠰᠠᠨ ᠳᠤ ᠲᠤᠭᠠᠴᠢᠬᠳᠠᠨ᠎ᠠ᠂ ᠬᠦᠩᠭᠡᠨ ᠢᠶᠠᠷ ᠰᠢᠳᠭᠡᠵᠣ ᠪᠣᠯᠣᠨ᠎ᠠ᠃ ᠵᠠᠭᠠᠯᠳᠤᠭᠳᠠᠭᠴᠢ ᠴᠸᠡ ** ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠶᠢᠬᠤ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠠᠷᠪᠠᠨ ᠲᠠᠪᠣᠳᠣᠭᠠᠷ ᠵᠦᠢᠯ ᠢ ᠦᠨᠳᠦᠰᠦᠯᠡᠵᠦ ᠠᠭᠤᠴᠢᠯᠠᠨ ᠰᠢᠳᠭᠡᠵᠣ ᠪᠣᠯᠣᠨ᠎ᠠ᠃ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠵᠠᠷᠭᠤ ᠵᠢᠨ ᠬᠠᠥᠯᠢ﹀﹀ ᠵᠢᠨ ᠨᠢᠭᠡ ᠵᠠᠭᠤ ᠲᠠᠯᠠᠨ ᠵᠢᠷᠭᠤᠳᠤᠭᠠᠷ ᠵᠥᠢᠯᠲᠤᠭᠳᠠᠭᠠᠯ ᠢ ᠦᠨᠳᠦᠰᠦᠯᠡᠵᠦ᠂ ᠵᠠᠭᠠᠯᠳᠤᠭᠳᠠᠭᠴᠢ ᠴᠸᠡ ** ᠳᠤ ᠠᠯᠪᠠᠨ ᠵᠠᠭᠠᠯᠳᠤᠯᠭ᠎ᠠ ᠬᠢᠪᠡ᠃ ᠬᠠᠥᠯᠢ ᠶᠤᠰᠤᠭᠠᠷ ᠰᠢᠳᠭᠡᠬᠦ ᠪᠤᠯᠪᠠᠥ᠃    

          ᠡᠭᠦᠨ  ᠲᠤᠯᠠ

      ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳᠰᠢᠭᠦᠬᠦ ᠬᠤᠷᠢᠶ᠎ᠠ ᠳᠤ

 

 

                                                                                                                                                                                                                                                                                                                    ᠪᠠᠶᠢᠴᠠᠭᠠᠬᠴᠢ᠄ ᠰᠢᠶᠣᠣ ᠶᠦᠨ                                                                                                ᠲᠣᠰᠠᠯᠠᠨ ᠪᠠᠶᠢᠴᠠᠭᠠᠬᠴᠢ᠄ ᠬᠦᠰᠡᠯ

                                                                2021 ᠣᠨ  9 ᠰᠠᠷ᠎ᠠ ᠵᠢᠨ 24  ᠡᠳᠦᠷ

                                                                                            

                                                                                                 

                                                                                             

 

ᠲᠠᠭᠠᠯᠳᠤᠭᠤᠯᠬᠤ ᠨᠢ᠄

        1. ᠵᠠᠭᠠᠯᠳᠤᠭᠳᠠᠭᠴᠢ ᠴᠸᠡ ** ᠡᠸᠡᠩᠬᠢ ᠦᠨᠳᠦᠰᠦᠳᠡᠨ  ᠦᠪᠡᠷᠳᠡᠭᠡᠨ ᠵᠠᠰᠠᠬᠤ ᠬᠤᠰᠢᠭᠤᠨ  ᠬᠤᠷᠢᠭᠤᠯᠭᠠᠵᠠᠷ ᠬᠤᠷᠢᠬᠳᠠᠵᠣ ᠪᠣᠢ᠃

        2. ᠲᠤᠰ ᠬᠡᠷᠡᠭᠡᠪᠬᠡᠮᠠᠯ ᠮᠠᠲ᠋ᠧᠷᠢᠶᠠᠯ ᠭᠤᠷᠪᠠᠨ ᠪᠤᠳᠢ᠂ ᠦᠵᠡᠵᠦ ᠰᠣᠨᠣᠰᠬᠤ ᠮᠠᠲ᠋ᠧᠷᠢᠶᠠᠯ ᠠᠷᠪᠠᠨ ᠨᠢᠭᠡᠨ ᠬᠤᠪᠢ᠃

        3. ᠶᠠᠯ᠎ᠠ ᠪᠠᠨ ᠮᠡᠳᠡᠷᠡᠵᠦ ᠰᠢᠳᠭᠡᠯ ᠢ ᠬᠦᠯᠢᠶᠡᠭᠰᠡᠨ ᠬᠡᠮᠰᠢᠬᠦ ᠪᠠᠳᠤᠯᠠᠭ᠎ᠠ ᠵᠢᠨ ᠪᠢᠴᠢᠭ ᠨᠢᠬᠡ ᠬᠤᠪᠢ᠃ 

        4. ᠡᠷᠡᠬᠦᠦ ᠣᠨᠣᠬᠳᠠᠭᠤᠯᠬᠤ ᠰᠠᠨᠠᠯᠪᠢᠴᠢᠭ ᠬᠤᠶᠠᠷ ᠬᠤᠪᠢ᠃          


ᠢᠷᠡᠯᠲᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro