ᠥᠪᠥᠷ ᠮᠣᠩᠭᠣᠯ  内蒙古

ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳ ᠪᠠᠶᠢᠴᠠᠭᠠᠬᠤ ᠬᠤᠷᠢᠶᠠᠨ  ᠵᠠᠭᠠᠯᠳᠥᠬᠤ ᠪᠢᠴᠢᠭ

2021-12-31 15:08:43

                                       ᠰᠢᠨ᠎ᠡ ᠪᠠᠷᠠᠭᠤᠨ ᠪᠠᠶᠢᠴᠠᠭᠠᠬᠤ ᠡᠷᠡᠭᠦᠦ ᠵᠠᠭᠠᠯᠳᠥᠬᠤ ︵2021︶ 49 ᠳ᠋ᠦ᠋ᠭᠡᠷ ᠲᠤᠭᠠᠳᠥ

      

   ᠵᠠᠭᠠᠯᠳᠤᠭᠳᠠᠭᠴᠢ ᠣ**᠂ ᠡᠷᠡᠭᠳᠡᠢ᠂ 1974 ᠤᠨ  ** ᠰᠠᠷ᠎ᠠ ᠵᠢᠨ **  ᠡᠳᠦᠷ ᠲᠦᠷᠦᠪᠡ᠂ ᠡᠷᠬᠡᠳᠤ ᠠᠷᠠᠳᠪᠡᠶ᠎ᠡ ᠵᠢᠨ ᠦᠨᠡᠮᠯᠡᠯᠨᠤᠮᠧᠷ 1521291974********᠂ ᠮᠤᠩᠭᠤᠯ ᠦᠨᠳᠦᠰᠦᠳᠡᠨ᠂ ᠪᠠᠭ᠎ᠠ ᠰᠣᠷᠭᠠᠭᠤᠯᠢ ᠵᠢᠨ ᠰᠣᠶᠣᠯᠬᠡᠮᠵᠢᠶ᠎ᠡ ᠲᠠᠢ᠂ ᠮᠠᠯᠴᠢᠨ᠂ ᠡᠷᠦᠬᠡ ᠠᠮᠠ ᠵᠢᠨ ᠪᠠᠶᠢᠭ᠎ᠠ ᠭᠠᠵᠠᠷ ᠵᠢᠴᠢ ᠤᠳᠥ ᠰᠠᠭᠤᠭ᠎ᠠ ᠭᠠᠵᠠᠷ ᠦᠪᠦᠷ ᠮᠤᠩᠭᠤᠯᠬᠦᠯᠦᠨ ᠪᠤᠶᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ  ** ᠰᠣᠮᠣᠨ  ** ᠭᠠᠴᠠᠭ᠎ᠠ ᠵᠢᠨ **᠃ ᠶᠠᠯ᠎ᠠ ᠵᠢᠨ ᠲᠡᠥᠬᠡ ᠦᠭᠡᠢ᠃ ᠵᠠᠭᠠᠯᠳᠤᠭᠳᠠᠭᠴᠢ ᠣ** ᠵᠢᠯᠣᠭᠤᠴᠢ ᠵᠢᠨ ᠦᠨᠡᠮᠯᠡᠯ ᠦᠭᠡᠢ ᠲᠡᠷᠭᠡ ᠵᠢᠯᠣᠭᠤᠳᠴᠣ 2021 ᠤᠨ  2 ᠰᠠᠷ᠎ᠠ ᠵᠢᠨ 10  ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠠᠷᠠᠳᠵᠣᠭᠤᠰ 1900 ᠲᠦᠭᠦᠷᠢᠭ ᠢᠶᠠᠷ ᠲᠣᠷᠭᠠᠬᠳᠠᠪᠠ᠃ ᠵᠠᠭᠠᠯᠳᠤᠭᠳᠠᠭᠴᠢ ᠣ** ᠠᠶᠥᠯᠳᠠᠢ ᠪᠠᠷ ᠲᠡᠷᠭᠡ ᠵᠢᠯᠤᠭᠤᠳᠤᠭᠰᠠᠨ ᠬᠡᠷᠡᠭ ᠲᠤ ᠬᠤᠯᠪᠤᠭᠳᠠᠵᠤ᠂ 2021 ᠣᠨ  3 ᠰᠠᠷ᠎ᠠ ᠵᠢᠨ 2  ᠡᠳᠦᠷ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠪᠠᠲᠤᠯᠠᠭ᠎ᠠ ᠠᠪᠴᠥ ᠰᠢᠭᠦᠬᠦ  ᠬᠦᠯᠢᠶᠡᠯᠭᠡᠪᠡ᠃

    ᠵᠠᠭᠠᠯᠳᠤᠭᠳᠠᠭᠴᠢ ᠣ** ᠵᠢᠨ ᠠᠶᠥᠯᠳᠠᠢ ᠪᠠᠷ ᠲᠡᠷᠭᠡ ᠵᠢᠯᠤᠭᠤᠳᠤᠭᠰᠠᠨ ᠨᠢᠭᠡᠨ ᠬᠡᠷᠡᠭ ᠢ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶ᠎ᠠ ᠲᠤᠷᠰᠢᠨ ᠪᠠᠶᠢᠴᠠᠭᠠᠯᠳᠠ ᠪᠠᠨ ᠲᠠᠭᠤᠰᠬᠠᠭᠠᠳ᠂ 2021 ᠤᠨ  7 ᠰᠠᠷ᠎ᠠ ᠵᠢᠨ 26  ᠡᠳᠦᠷ ᠮᠠᠨ  ᠬᠤᠷᠢᠶᠠᠨ ᠳᠤ ᠬᠢᠨᠠᠨ ᠪᠠᠶᠢᠴᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠂ ᠮᠠᠨ  ᠬᠤᠷᠢᠶ᠎ᠠ ᠬᠡᠷᠡᠭᠡᠪᠬᠡᠮᠡᠯ ᠢ ᠬᠦᠯᠢᠶᠡᠨ ᠠᠪᠤᠭᠰᠠᠨ  ᠰᠡᠭᠦᠯᠡᠷ᠂ 2021 ᠤᠨ  7 ᠰᠠᠷ᠎ᠠ ᠵᠢᠨ 27  ᠡᠳᠦᠷ ᠵᠠᠭᠠᠯᠳᠤᠭᠳᠠᠭᠴᠢ ᠣ** ᠳᠤ ᠦᠮᠦᠭᠯᠡᠭᠴᠢ ᠨᠠᠶᠢᠳᠠᠬᠤ ᠡᠷᠬᠡ ᠪᠠ ᠶᠠᠯ᠎ᠠ ᠡᠷᠡᠬᠦᠦ ᠪᠠᠨ ᠮᠡᠳᠡᠷᠡᠬᠦ ᠠᠴᠠ ᠪᠤᠯᠤᠭᠰᠠᠨ ᠬᠠᠤᠯᠢ ᠴᠠᠭᠠᠵᠠ ᠵᠢᠨ ᠦᠷ᠎ᠡ ᠳ᠋ᠦᠩ ᠢ ᠮᠡᠳᠡᠭᠳᠡᠵᠦ᠂ ᠬᠠᠥᠯᠢ ᠶᠤᠰᠤᠭᠠᠷ ᠵᠠᠭᠠᠯᠳᠤᠭᠳᠠᠭᠴᠢ  ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠵᠢᠵᠢᠭᠦᠷ ᠬᠠᠤᠯᠢᠴᠢ ᠵᠢᠨ ᠰᠠᠨᠠᠯ ᠢ ᠰᠤᠨᠤᠰᠴᠦ᠂ ᠪᠦᠬᠦ ᠬᠡᠷᠡᠭᠮᠠᠲ᠋ᠧᠷᠢᠶᠠᠯ ᠢ ᠬᠢᠨᠠᠨ ᠪᠠᠶᠢᠴᠠᠭᠠᠪᠠ᠃ ᠵᠠᠭᠠᠯᠳᠤᠭᠳᠠᠭᠴᠢ ᠲᠤᠰ ᠬᠡᠷᠡᠭ ᠢ ᠲᠦᠷᠬᠡᠨ ᠲᠠᠰᠤᠯᠤᠯᠳᠠ ᠵᠢᠨ ᠵᠢᠷᠤᠮ ᠢ ᠬᠡᠷᠡᠭᠯᠡᠨ ᠰᠢᠬᠦᠬᠦ  ᠵᠦᠪᠰᠢᠶᠡᠷᠡᠪᠡ᠃

   ᠤᠳᠤ ᠬᠢᠨᠠᠨ ᠪᠠᠶᠢᠴᠠᠭᠠᠵᠣ ᠲᠤᠳᠤᠯᠠᠬᠰᠠᠨ ᠢᠶᠠᠷ᠄

   2021 ᠤᠨ  2 ᠰᠠᠷ᠎ᠠ ᠵᠢᠨ 7  ᠡᠳᠦᠷ20 ᠴᠠᠭᠦᠶ᠎ᠡ ᠪᠠᠷ᠂ ᠵᠠᠭᠠᠯᠳᠤᠭᠳᠠᠭᠴᠢ ᠣ** ᠵᠢᠯᠣᠭᠤᠴᠢ ᠵᠢᠨ ᠦᠨᠡᠮᠯᠡᠯ ᠦᠭᠡᠢ᠂ ᠰᠤᠭᠳᠤᠭᠤ ᠪᠠᠷ ᠦᠨᠡᠰᠥᠨ ᠦᠩᠬᠡᠳᠡᠢ ᠮᠧᠩ E5**** ᠨᠤᠮᠧᠷᠳᠤ ** ᠨᠠᠷᠡᠮᠵᠢᠳᠤ ᠬᠦᠩᠭᠡᠨ ᠬᠡᠯᠪᠡᠷᠢ ᠵᠢᠨ ᠬᠡᠷᠡᠰᠭᠡᠳᠦ ᠪᠠᠷᠠᠭᠠᠨ  ᠮᠠᠰᠢᠨ ᠲᠠᠷᠬᠡ ᠵᠢᠯᠤᠭᠤᠳᠴᠤ᠂ ᠰᠢᠨ᠎ᠡ ᠪᠠᠷᠭᠤ ᠪᠠᠷᠠᠭᠤᠨ ᠬᠤᠰᠢᠭᠤᠨ  ** ᠰᠣᠮᠣᠨ  ᠭᠤᠣᠯ ᠵᠡᠭᠡᠯᠢ ᠪᠠᠷ  ᠪᠠᠷᠠᠭᠤᠨ ᠠᠴᠠ ᠵᠡᠭᠦᠨᠰᠢ ᠶᠠᠪᠣᠵᠣ S203 ᠵᠠᠮ ᠬᠦᠷᠴᠦ ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ  ᠵᠠᠮ ᠬᠠᠷᠢᠯᠴᠠᠭᠠᠨ  ᠬᠠᠮᠢᠶᠠᠷᠤᠯᠳᠠ ᠵᠢᠨ ᠶᠡᠭᠡ ᠠᠩᠬᠢ ᠵᠢᠨ ᠴᠠᠭᠳᠠᠭᠠᠨ ᠳᠤ ᠲᠤᠰᠤᠭᠳᠠᠨ ᠪᠠᠶᠢᠴᠠᠭᠠᠭᠳᠠᠪᠠ᠃ ᠰᠢᠯᠭᠠᠨ ᠪᠠᠶᠢᠴᠠᠭᠠᠭᠰᠠᠨ ᠢᠶᠠᠷ᠂ ᠲᠤᠬᠠᠢ ᠵᠢᠨ ᠦᠶᠡᠰ ᠵᠠᠭᠠᠯᠳᠤᠭᠳᠠᠭᠴᠢ ᠣ**ᠴᠢᠰᠥᠨ ᠳᠠᠬᠢ ᠰᠫᠢᠷᠲᠠᠭᠤᠯᠤᠭᠳᠠᠴᠠ ᠨᠢ 226.76mg/100ml ᠪᠠᠵᠢᠨ᠎ᠠ᠃

   ᠲᠡᠭᠡᠷᠡᠬᠢ ᠪᠤᠳᠠᠳᠤ ᠬᠡᠷᠡᠭ ᠢ ᠨᠤᠳᠠᠯᠠᠬᠤ ᠭᠡᠷᠡᠴᠢ ᠲᠤᠥᠷᠠᠬᠢ ᠮᠡᠳᠦ᠄

   1. ᠪᠢᠴᠢᠭᠭᠡᠷᠡᠴᠢ᠄ ᠬᠡᠷᠡᠭ ᠬᠦᠯᠢᠶᠠᠨ ᠠᠪᠴᠤ ᠰᠢᠢᠳᠪᠦᠷᠢᠯᠡᠬᠦ ᠲᠠᠩᠰᠠᠯᠠᠯᠬᠦᠰᠦᠨᠦᠭᠳᠤ᠂ ᠬᠡᠷᠡᠭ ᠪᠤᠯᠭᠠᠨ ᠲᠠᠩᠰᠡᠯᠡᠬᠤ ᠲᠤᠭᠳᠠᠭᠠᠯᠪᠢᠴᠢᠭ᠂ ᠪᠠᠶᠢᠴᠠᠭᠠᠨ ᠢᠯᠡᠷᠡᠬᠦᠯᠦᠭᠰᠡᠨ ᠦᠡᠭᠭᠡᠷᠡᠯᠳᠡ᠂ ᠡᠷᠤᠬᠡ ᠠᠮᠠ ᠵᠢᠨ ᠬᠡᠷᠡᠴᠢ ᠵᠡᠷᠭᠡ︔ 2. ᠭᠡᠷᠡᠴᠢ ᠬᠦᠮᠤᠨ ᠤᠶ**ᠬᠡᠷᠡᠴᠢ ᠦᠭᠡ︔ 3. ᠵᠠᠭᠠᠯᠳᠤᠭᠳᠠᠭᠴᠢ ᠣ** ᠵᠢᠨ ᠦᠴᠢᠭᠯᠡᠯᠳᠠ ᠪᠡ ᠵᠦᠪᠳᠤᠬᠡᠯᠳᠠ︔ 3. ᠰᠢᠯᠭᠠᠨ ᠲᠤᠭᠳᠠᠭᠠᠯᠳᠠ ᠵᠢᠨ ᠰᠠᠨᠠᠯ︔ 4. ᠦᠵᠡᠵᠦ ᠰᠣᠨᠣᠰᠬᠤ ᠮᠠᠲ᠋ᠧᠷᠢᠶᠠᠯ ᠭᠤᠷᠪᠠᠨ ᠬᠤᠪᠢ᠃

   ᠲᠡᠬᠡᠷᠡᠬᠢ ᠬᠡᠷᠡᠴᠢ  ᠬᠠᠤᠯᠢ ᠶᠤᠰᠤ ᠪᠠᠷ ᠴᠤᠭᠯᠠᠭᠤᠯᠵᠦ᠂ ᠠᠭᠤᠯᠭ᠎ᠠ ᠨᠢ ᠪᠤᠰᠤᠳᠴᠢ ᠦᠨᠠᠨ ᠪᠤᠳᠠᠳᠠᠢ᠂ ᠵᠠᠭᠠᠯᠳᠤᠭᠰᠠᠨ ᠪᠤᠳᠠᠳᠤ ᠬᠡᠷᠡᠭ ᠢ ᠬᠡᠷᠡᠴᠢᠯᠡᠵᠦ ᠲᠠᠶᠢᠯᠤᠨ᠎ᠠ᠃ ᠵᠠᠭᠠᠯᠳᠤᠭᠳᠠᠭᠴᠢ ᠣ** ᠵᠠᠭᠠᠯᠳᠤᠭᠰᠠᠨ ᠪᠤᠳᠠᠳᠤ ᠬᠡᠷᠡᠭ ᠪᠠ ᠬᠡᠷᠡᠴᠢ ᠳᠤ ᠰᠠᠨᠠᠯ ᠦᠬᠡᠢ᠂ ᠦᠪᠡᠷᠲᠤᠷ᠎ᠠ ᠠᠴᠠ ᠪᠠᠨ ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠵᠢᠨ᠎ᠠ᠃

   ᠮᠠᠨ  ᠬᠤᠷᠢᠶᠠᠨ  ᠦᠵᠡᠬᠦ ᠪᠠᠷ᠂ ᠵᠠᠭᠠᠯᠳᠤᠭᠳᠠᠭᠴᠢ ᠣ** ᠵᠠᠮ ᠲᠠᠬᠡᠷ᠎ᠡ ᠰᠤᠭᠳᠤᠭᠤ ᠪᠠᠷ ᠮᠠᠰᠢᠨ ᠲᠡᠷᠭᠡ ᠵᠢᠯᠤᠭᠤᠳᠤᠭᠰᠠᠨ ᠦᠢᠯᠡ ᠠᠵᠢᠯᠯᠠᠭ᠎ᠠ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠨᠢᠭᠡ ᠵᠠᠭᠤ ᠭᠤᠴᠢᠨ ᠭᠤᠷᠪᠠᠳᠤᠭᠠᠷ ᠵᠦᠢᠯ ᠳᠠᠬᠢ ᠨᠢᠭᠡ ᠲᠤᠬᠲᠠᠭᠠᠯ ᠢ ᠵᠦᠷᠢᠴᠡᠵᠤ᠂ ᠶᠠᠯ᠎ᠠ ᠵᠢᠨ ᠪᠤᠳᠠᠲᠤ ᠬᠡᠷᠡᠭ ᠨᠢ ᠲᠤᠳᠤᠷᠬᠠᠢ᠂ ᠭᠡᠷᠡᠴᠢ ᠪᠠᠷᠢᠮᠲᠠ ᠨᠢ ᠪᠦᠷᠢᠨ ᠭᠦᠢᠴᠡᠳ᠂ ᠠᠶᠥᠯᠳᠠᠢ ᠪᠠᠷ ᠲᠡᠷᠭᠡ ᠵᠢᠯᠤᠭᠤᠳᠤᠭᠰᠠᠨ ᠶᠠᠯ᠎ᠠ ᠪᠠᠷ ᠡᠷᠡᠭᠦᠦ ᠵᠢᠨ ᠬᠠᠷᠢᠭᠤᠴᠠᠯᠭ᠎ᠠ ᠨᠡᠭᠡᠮᠵᠢᠯᠡᠪᠡᠯ ᠵᠤᠬᠢᠨ᠎ᠠ᠃ ᠵᠠᠭᠠᠯᠳᠤᠭᠳᠠᠭᠴᠢ ᠣ** ᠪᠠᠷᠢᠪᠴᠢᠯᠠᠬᠳᠠᠬᠰᠠᠨ  ᠰᠡᠭᠦᠯᠡᠷ ᠦᠪᠡᠷᠶᠠᠯᠠᠲᠦ ᠠᠵᠢᠯᠯᠠᠭ᠎ᠠ ᠪᠠᠨ ᠦᠨᠡᠨ ᠢᠶᠠᠷ ᠦᠴᠢᠭᠯᠡᠭᠰᠡᠨ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠵᠢᠷᠠᠨ ᠳᠤᠯᠤᠳᠤᠭᠠᠷ ᠵᠦᠢᠯᠭᠤᠷᠪᠠᠳᠤᠭᠠᠷ ᠵᠤᠷᠪᠤᠰ ᠢ ᠦᠨᠳᠦᠰᠦᠯᠡᠪᠡᠯ᠂ ᠴᠠᠭᠠᠪᠤᠷᠢᠯᠠᠬᠰᠠᠨ ᠳᠤ ᠲᠤᠭᠠᠴᠢᠬᠳᠠᠨ᠎ᠠ᠂ ᠬᠦᠩᠭᠡᠨ ᠢᠶᠠᠷ ᠰᠢᠳᠭᠡᠵᠣ ᠪᠣᠯᠣᠨ᠎ᠠ᠃ ᠵᠠᠭᠠᠯᠳᠤᠭᠳᠠᠭᠴᠢ ᠣ** ᠶᠠᠯ᠎ᠠ ᠪᠠᠨ ᠮᠡᠳᠡᠷᠡᠵᠣ ᠰᠢᠳᠭᠡᠯ ᠬᠦᠯᠢᠶᠡᠵᠦ ᠪᠠᠶᠢᠬᠤ ᠨᠢ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠥᠰᠡᠷᠡᠭᠦᠦ ᠵᠢᠨ ᠬᠠᠥᠯᠢ﹀﹀ ᠵᠢᠨ ᠠᠷᠪᠠᠨ ᠲᠠᠪᠣᠳᠣᠭᠠᠷ ᠵᠦᠢᠯ ᠢ ᠦᠨᠳᠦᠰᠦᠯᠡᠵᠦ ᠠᠭᠤᠴᠢᠯᠠᠨ ᠰᠢᠳᠭᠡᠵᠣ ᠪᠣᠯᠣᠨ᠎ᠠ᠃ ︿︿ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠵᠠᠷᠭᠤ ᠵᠢᠨ ᠬᠠᠥᠯᠢ﹀﹀ ᠵᠢᠨ ᠨᠢᠭᠡ ᠵᠠᠭᠤ ᠲᠠᠯᠠᠨ ᠵᠢᠷᠭᠤᠳᠤᠭᠠᠷ ᠵᠥᠢᠯᠲᠤᠭᠳᠠᠭᠠᠯ ᠢ ᠦᠨᠳᠦᠰᠦᠯᠡᠵᠦ᠂ ᠵᠠᠭᠠᠯᠳᠤᠭᠳᠠᠭᠴᠢ ᠣ** ᠳᠤ ᠠᠯᠪᠠᠨ ᠵᠠᠭᠠᠯᠳᠤᠯᠭ᠎ᠠ ᠬᠢᠪᠡ᠃ ᠬᠠᠥᠯᠢ ᠶᠤᠰᠤᠭᠠᠷ ᠰᠢᠳᠭᠡᠬᠦ ᠪᠤᠯᠪᠠᠥ᠃   

          ᠡᠭᠦᠨ  ᠲᠤᠯᠠ

     ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳᠰᠢᠭᠦᠬᠦ ᠬᠤᠷᠢᠶ᠎ᠠ ᠳᠤ

 

 

                                                                                                                                                                                               ᠪᠠᠶᠢᠴᠠᠭᠠᠬᠴᠢ᠄ ᠶᠦᠩ ᠮᠧᠢ                                                                                                                                                                                                                            ᠲᠣᠰᠠᠯᠠᠨ ᠪᠠᠶᠢᠴᠠᠭᠠᠬᠴᠢ᠄ ᠭᠤᠶᠣᠬᠠᠨ

                                                                                                                                                                                              2021 ᠣᠨ  8 ᠰᠠᠷ᠎ᠠ ᠵᠢᠨ 4  ᠡᠳᠦᠷ

                                                                                            

                                                                                                  

                                                                                             

 

 

 

 

ᠲᠠᠭᠠᠯᠳᠤᠭᠤᠯᠬᠤ ᠨᠢ᠄

        1. ᠵᠠᠭᠠᠯᠳᠤᠭᠳᠠᠭᠴᠢ ᠣ** ᠰᠢᠨ᠎ᠡ ᠪᠠᠷᠭᠤ ᠪᠠᠷᠠᠭᠤᠨ ᠬᠤᠰᠢᠭᠤᠨ  ᠲᠤᠳᠥᠭᠠᠳᠥ  ᠬᠠᠮᠠᠭᠠᠯᠠᠬᠤ ᠲᠤᠪᠴᠢᠶᠠᠨ ᠳᠤ ᠪᠠᠲᠤᠯᠠᠭ᠎ᠠ ᠠᠪᠴᠥ ᠰᠢᠭᠦᠬᠦ  ᠬᠦᠯᠢᠶᠡᠯᠭᠡᠪᠡ᠃

        2. ᠲᠤᠰ ᠬᠡᠷᠡᠭᠡᠪᠬᠡᠮᠠᠯ ᠮᠠᠲ᠋ᠧᠷᠢᠶᠠᠯ ᠬᠤᠶᠠᠷ ᠪᠤᠳᠢ᠂ ᠦᠵᠡᠵᠦ ᠰᠣᠨᠣᠰᠬᠤ ᠮᠠᠲ᠋ᠧᠷᠢᠶᠠᠯ ᠭᠤᠷᠪᠠᠨ ᠬᠤᠪᠢ᠃

        3. ᠶᠠᠯ᠎ᠠ ᠪᠠᠨ ᠮᠡᠳᠡᠷᠡᠵᠦ ᠰᠢᠳᠭᠡᠯ ᠢ ᠬᠦᠯᠢᠶᠡᠭᠰᠡᠨ ᠬᠡᠮᠰᠢᠬᠦ ᠪᠠᠳᠤᠯᠠᠭ᠎ᠠ ᠵᠢᠨ ᠪᠢᠴᠢᠭ ᠨᠢᠬᠡ ᠬᠤᠪᠢ᠃ 

        4. ᠡᠷᠡᠬᠦᠦ ᠣᠨᠣᠬᠳᠠᠭᠤᠯᠬᠤ ᠰᠠᠨᠠᠯᠪᠢᠴᠢᠭ ᠬᠤᠶᠠᠷ ᠬᠤᠪᠢ᠃                                                                   


ᠢᠷᠡᠯᠲᠡ
ᠰᠢᠨ᠎ᠡ ᠪᠠᠷᠭᠤ ᠪᠠᠷᠠᠭᠤᠨ ᠬᠤᠰᠢᠭᠤᠨ  ᠠᠷᠠᠳᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro