ᠵᠡᠭᠦᠨᠭᠠᠷ ᠬᠣᠰᠢᠭᠤᠨ ᠠᠷᠠᠳᠪᠠᠶᠢᠴᠠᠭᠠᠬᠤ ᠬᠣᠷᠢᠶ᠎ᠠ ᠾᠧᠦ ᠣᠪᠣᠭᠲᠤ ᠬᠥᠬᠡ ᠵᠡᠷᠭᠡ 2 ᠬᠥᠮᠦᠨ ᠦ ᠠᠷᠠᠳ ᠣᠯᠠᠨ ᠵᠣᠭᠣᠰ ᠢ ᠬᠠᠸᠯᠢ ᠪᠤᠰᠤ ᠪᠠᠷ ᠲᠠᠲᠠᠵᠤ ᠬᠠᠳᠠᠭᠠᠯᠠᠭᠣᠯᠣᠭᠰᠠᠨ ᠬᠡᠷᠡᠭ ᠲᠦ ᠠᠯᠪᠠᠨ ᠵᠠᠭᠠᠯᠳᠤᠯᠭ᠎ᠠ ᠭᠠᠷᠭᠠᠪᠠ
ᠣᠷᠴᠢᠮᠬᠠᠨ ᠂ ᠵᠡᠭᠦᠨᠭᠠᠷ ᠬᠣᠰᠢᠭᠤᠨ ᠠᠷᠠᠳᠪᠠᠶᠢᠴᠠᠭᠠᠬᠤ ᠬᠣᠷᠢᠶ᠎ᠠ ᠠᠷᠠᠳ ᠣᠯᠠᠨ ᠵᠣᠭᠣᠰ ᠢ ᠬᠠᠸᠯᠢ ᠪᠤᠰᠤ ᠪᠠᠷ ᠲᠠᠲᠠᠵᠤ ᠬᠠᠳᠠᠭᠠᠯᠠᠭᠣᠯᠣᠭᠰᠠᠨ ᠶᠠᠯ᠎ᠠ ᠬᠢᠭᠰᠡᠨ ᠢᠶᠡᠷ ᠰᠡᠵᠢᠭᠯᠡᠭᠳᠡᠭᠰᠡᠨ ᠾᠧᠦ ᠣᠪᠣᠭᠲᠤ ᠬᠥᠬᠡ᠂ ᠾᠧᠦ ᠣᠪᠣᠭᠲᠤ ᠬᠥᠬᠡᠭᠴᠢᠨ ᠢ ᠵᠡᠭᠦᠨᠭᠠᠷ ᠬᠣᠰᠢᠭᠤᠨ ᠠᠷᠠᠳᠰᠢᠭᠦᠬᠦ ᠬᠣᠷᠢᠶᠠᠨ ᠳᠤ ᠬᠠᠸᠯᠢ ᠶᠣᠰᠣᠭᠠᠷ ᠠᠯᠪᠠᠨ ᠵᠠᠭᠠᠯᠳᠤᠯᠭ᠎ᠠ ᠭᠠᠷᠭᠠᠪᠠ᠂ ᠬᠡᠷᠡᠭ ᠢ ᠶᠠᠭ ᠤᠯᠠᠮ ᠨᠢᠭᠡ ᠠᠯᠬᠤᠮ ᠰᠢᠶᠳᠪᠦᠷᠢᠯᠡᠵᠦ ᠪᠠᠵᠢᠨ᠎ᠠ᠃