ᠥᠪᠥᠷ ᠮᠣᠩᠭᠣᠯ  内蒙古

ᠣᠷᠳᠣᠰ ᠬᠣᠲᠠ ᠶ᠋ᠢᠨ ᠳ᠋ᠦᠩᠱᠧᠩ ᠲᠣᠭᠣᠷᠢᠭ ᠤ᠋ᠨ ᠠᠷᠠᠳ ᠶ᠋ᠢᠨ ᠪᠠᠢᠴᠠᠭᠠᠬᠤ ᠬᠣᠷᠢᠶ᠎ᠠ ᠴᠢᠶᠣᠤ ᠣᠪᠣᠭᠲᠤ ᠳᠦ ᠠᠯᠪᠠᠨ ᠶᠠᠪᠤᠳᠠᠯ ᠢ᠋ ᠬᠠᠷᠰᠢᠯᠠᠭᠰᠠᠨ ᠪᠠ ᠠᠶᠤᠯᠲᠠᠢ ᠪᠠᠷ ᠲᠡᠷᠭᠡ ᠵᠢᠯᠣᠭᠣᠳᠤᠭᠰᠠᠨ ᠶᠠᠯ᠎ᠠ ᠲᠤᠯᠭᠠᠵᠤ ᠬᠠᠤᠯᠢ ᠶᠣᠰᠣᠭᠠᠷ ᠪᠠᠷᠢᠪᠴᠢᠯᠠᠬᠤ ᠶ᠋ᠢ ᠵᠥᠪᠰᠢᠶᠡᠷᠡᠪᠡ..

2020-07-31 16:47:51

    2020 ᠣᠨ ᠤ᠋ 2 ᠰᠠᠷ᠎ᠠ ᠶ᠋ᠢᠨ 10  ᠤ᠋  ᠡᠳᠦᠷ ᠣᠷᠣᠢ ᠶ᠋ᠢᠨ 10  ᠴᠠᠭ ᠤ᠋ᠨ ᠦᠶ᠎ᠡ ᠳᠦ᠂ ᠶᠠᠯ᠎ᠠ ᠬᠢᠭᠰᠡᠨ ᠰᠡᠵᠢᠭᠲᠡᠨ ᠴᠢᠶᠣᠤ ᠣᠪᠣᠭᠲᠤ ᠠᠷᠢᠬᠢ ᠤᠤᠭᠤᠭᠰᠠᠨ ᠤ᠋ ᠳᠠᠷᠠᠭ᠎ᠠ  ᠪᠢᠶᠡᠺ ᠲᠡᠮᠲᠡᠭᠲᠦ ᠪᠠᠭ᠎ᠠ ᠬᠡᠯᠪᠡᠷᠢ ᠶ᠋ᠢᠨ ᠰᠠᠭᠤᠳᠠᠯ ᠤ᠋ᠨ ᠮᠠᠰᠢᠨ ᠵᠢᠯᠣᠭᠣᠳᠴᠤ ᠦᠪᠡᠷᠰᠠᠭᠤᠵᠤ ᠪᠠᠢᠭ᠎ᠠ ᠳ᠋ᠦᠩᠱᠧᠩ ᠲᠣᠭᠣᠷᠢᠭ ᠤ᠋ᠨ ᠪᠦᠯᠬᠦᠮᠳᠡᠯ ᠰᠠᠭᠤᠭᠠᠯᠢ ᠲᠣᠭᠣᠷᠢᠭ ᠲᠤ ᠪᠠᠨ ᠪᠤᠴᠠᠵᠠᠢ᠂ ᠶᠠᠭ ᠰᠠᠶᠢᠬᠠᠨ ᠲᠣᠭᠣᠷᠢᠭ ᠤ᠋ᠨ ᠬᠣᠢᠲᠤ ᠡᠭᠦᠳᠡᠨ ᠳᠡᠭᠡᠷ᠎ᠡ ᠰᠡᠷᠭᠡᠢᠯᠡᠨ ᠴᠢᠩᠳᠠᠯᠠᠯᠲᠠ ᠵᠢᠨ ᠪᠠᠢᠴᠠᠭᠠᠬᠤ ᠡᠭᠦᠷᠭᠡ ᠭᠦᠢᠴᠡᠳᠭᠡᠵᠦ ᠪᠠᠢᠭ᠎ᠠ ᠠᠵᠢᠯᠲᠠᠨ ᠡᠴᠡ ᠴᠢᠶᠣᠤ ᠣᠪᠣᠭᠲᠤ ᠶ᠋ᠢ ᠳᠠᠩᠰᠠᠯᠠᠯ ᠬᠢᠬᠦ  ᠱᠠᠭᠠᠷᠳᠠᠭᠰᠠᠨ ᠳᠤ᠂ ᠴᠢᠶᠣᠤ ᠣᠪᠣᠭᠲᠤ ᠳᠠᠩᠰᠠᠯᠠᠯ ᠬᠢᠬᠦ  ᠲᠡᠪᠴᠢᠭᠰᠡᠨ ᠦ ᠬᠠᠮᠲᠤ ᠂ ᠰᠡᠷᠭᠡᠢᠯᠡᠨ ᠴᠢᠩᠳᠠᠯᠠᠯᠲᠠ ᠵᠢᠨ ᠪᠠᠢᠴᠠᠭᠠᠭᠴᠢ ᠲᠠᠢ ᠮᠠᠷᠭᠤᠯᠳᠤᠭᠠᠳ ᠴᠢᠶᠤᠤ ᠣᠪᠣᠭᠲᠤ ᠬᠡᠲᠦᠷᠬᠡᠢ ᠰᠠᠭᠭᠤᠭᠰᠠᠨ ᠠᠴᠠ ᠮᠠᠰᠢᠨ ᠢᠶᠠᠨ ᠬᠦᠳᠡᠯᠭᠡᠵᠦ ᠬᠠᠵᠠᠭᠤ ᠳᠤ  ᠨᠢ ᠵᠣᠭᠰᠤᠵᠤ ᠪᠠᠶᠢᠭᠰᠠᠨ ᠰᠡᠷᠭᠡᠶᠢᠯᠡᠨ ᠴᠢᠩᠳᠠᠯᠠᠯᠲᠠ ᠵᠢᠨ ᠠᠵᠢᠯᠲᠠᠨ ᠰᠤ᠋ ᠣᠪᠣᠭᠲᠤ  ᠲᠡᠭᠦᠨ ᠦ ᠠᠷᠤ ᠳᠤ ᠪᠠᠶᠢᠭᠰᠠᠨ ᠲᠡᠷᠭᠡᠨ ᠳᠡᠭᠡᠷ᠎ᠡ ᠨᠤᠳᠤᠷᠤᠭᠤᠯᠤᠨ ᠣᠷᠬᠢᠭᠠᠳ ᠳᠤᠲᠠᠭᠠᠵᠠᠢ᠃ ᠲᠤᠬᠠᠢ ᠶ᠋ᠢᠨ ᠲᠠᠯᠠᠪᠠᠢ ᠶ᠋ᠢᠨ ᠰᠡᠷᠭᠡᠢᠯᠡᠨ ᠴᠢᠩᠳᠠᠯᠠᠯᠲᠠ ᠵᠢᠨ ᠠᠵᠢᠯᠲᠠᠨ ᠬᠡᠷᠡᠭ ᠮᠡᠳᠡᠭᠦᠯᠦᠭᠰᠡᠨ ᠦ᠌ ᠳᠠᠷᠠᠭ᠎ᠠ᠂ ᠠᠷᠠᠳ ᠤ᠋ᠨ ᠴᠠᠭᠳᠠᠭ᠎ᠠ ᠲᠤᠬᠠᠢ ᠶ᠋ᠢᠨ ᠣᠷᠣᠢ ᠲᠤᠰ ᠰᠠᠭᠤᠭᠠᠯᠢ ᠲᠣᠭᠣᠷᠢᠭ ᠤ᠋ᠨ ᠣᠢᠷᠠᠯᠴᠠᠭ᠎ᠠ ᠲᠡᠷᠭᠡᠨ ᠵᠣᠭᠰᠣᠭᠠᠯ ᠡᠴᠡ ᠴᠢᠶᠣᠤ ᠣᠪᠣᠭᠲᠤ ᠶ᠋ᠢ ᠪᠠᠷᠢᠪᠴᠢᠯᠠᠪᠠ᠃ ᠰᠢᠯᠭᠠᠨ ᠲᠣᠭᠲᠠᠭᠠᠯᠲᠠ ᠪᠠᠷ ᠳᠠᠮᠵᠢᠨ᠂ ᠴᠢᠶᠣᠤ ᠣᠪᠣᠭᠲᠤ ᠶ᠋ᠢᠨ ᠴᠢᠰᠤᠨ ᠳ᠋ᠠᠬᠢ ᠰᠫᠡᠷᠲᠠᠭᠤᠯᠤᠭᠳᠠᠴᠠ ᠨᠢ 183.06mg / 100ml ᠪᠠᠢᠵᠤ ᠰᠣᠭᠲᠣᠭᠤ ᠶ᠋ᠢᠨ ᠪᠠᠢᠳᠠᠯ ᠲᠠᠢ᠃ 2020 ᠣᠨ ᠤ᠋ 2 ᠰᠠᠷ᠎ᠠ ᠶ᠋ᠢᠨ 18 ᠤ᠋ ᠡᠳᠦᠷ᠂ ᠣᠷᠳᠣᠰ ᠬᠣᠲᠠ ᠶ᠋ᠢᠨ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠴᠢᠶᠤᠤ ᠣᠪᠣᠭᠲᠤ ᠳᠤ ᠠᠯᠪᠠᠨ ᠶᠠᠪᠤᠳᠠᠯ ᠢ᠋ ᠬᠠᠷᠰᠢᠯᠠᠭᠰᠠᠨ᠂ ᠠᠶᠤᠯᠲᠠᠢ ᠪᠠᠷ ᠲᠡᠷᠭᠡ ᠵᠢᠯᠣᠭᠣᠳᠤᠭᠰᠠᠨ ᠶᠠᠯ᠎ᠠ ᠲᠤᠯᠭᠠᠵᠤ ᠬᠠᠤᠯᠢ ᠶᠣᠰᠣᠭᠠᠷ ᠴᠢᠶᠣᠤ ᠣᠪᠣᠭᠲᠤ ᠵᠢᠨ ᠪᠠᠷᠢᠪᠴᠢᠯᠠᠯ ᠢ ᠵᠥᠪᠰᠢᠶᠡᠷᠡᠭᠰᠡᠨ ᠲᠣᠭᠲᠠᠭᠠᠯ ᠭᠠᠷᠭᠠᠵᠠᠢ᠃ ᠣᠳᠣᠬᠠᠨ ᠳ᠋ᠤ᠌ ᠂ ᠲᠤᠰ ᠬᠡᠷᠡᠭ ᠢ᠋ ᠤᠯᠠᠮ ᠨᠢᠭᠡ ᠠᠯᠬᠤᠮ ᠮᠦᠷᠳᠡᠨ ᠪᠠᠢᠴᠠᠭᠠᠵᠤ ᠪᠣᠢ᠃


ᠢᠷᠡᠯᠲᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro