ᠥᠪᠥᠷ ᠮᠣᠩᠭᠣᠯ  内蒙古

ᠣᠷᠳᠣᠰ ᠬᠣᠲᠠ ᠶ᠋ᠢᠨ ᠳ᠋ᠦᠩᠱᠧᠩ ᠲᠣᠭᠣᠷᠢᠭ ᠤ᠋ᠨ ᠠᠷᠠᠳ ᠶ᠋ᠢᠨ ᠪᠠᠢᠴᠠᠭᠠᠬᠤ ᠬᠣᠷᠢᠶ᠎ᠠ ᠬᠤᠯᠠᠭᠠᠶᠢᠯᠠᠭᠰᠠᠨ ᠶᠠᠯ᠎ᠠ ᠠᠴᠠ ᠤᠤᠯᠭᠠᠯᠠᠭᠰᠠᠨ ᠶᠠᠯ᠎ᠠ ᠪᠣᠯᠵᠤ ᠤᠯᠠᠷᠢᠭᠰᠠᠨ ᠬᠡᠷᠡᠭᠰᠡᠵᠢᠭᠲᠡᠨ  ᠦ ᠪᠠᠷᠢᠪᠴᠢᠯᠠᠯ ᠢ ᠬᠠᠤᠯᠢ ᠶᠣᠰᠣᠭᠠᠷ ᠵᠥᠪᠰᠢᠶᠡᠷᠡᠪᠡ

2020-07-31 16:44:11


    ᠣᠷᠴᠢᠮᠬᠠᠨ᠂ ᠳ᠋ᠦᠩᠱᠸᠩ ᠲᠣᠭᠣᠷᠢᠭ ᠤ᠋ᠨ ᠠᠷᠠᠳᠪᠠᠢᠴᠠᠭᠠᠬᠤ ᠬᠣᠷᠢᠢ᠎ᠠ ᠬᠤᠯᠠᠭᠠᠶᠢᠯᠠᠭᠰᠠᠨ ᠶᠠᠯ᠎ᠠ ᠠᠴᠠ ᠤᠤᠯᠭᠠᠯᠠᠭᠰᠠᠨ ᠶᠠᠯ᠎ᠠ ᠪᠣᠯᠵᠤ ᠤᠯᠠᠷᠢᠭᠰᠠᠨ ᠬᠡᠷᠡᠭᠰᠡᠵᠢᠭᠲᠡᠨ ᠦ ᠪᠠᠷᠢᠪᠴᠢᠯᠠᠯ ᠢ ᠬᠠᠤᠯᠢ ᠶᠣᠰᠣᠭᠠᠷ ᠵᠥᠪᠰᠢᠶᠡᠷᠡᠪᠡ᠃ ᠶᠠᠯ᠎ᠠ ᠬᠢᠭᠰᠡᠨ ᠰᠡᠵᠢᠭᠲᠡᠨ ᠶᠠᠩ ᠣᠪᠣᠭᠲᠤ ᠬᠤᠪᠢ ᠶ᠋ᠢᠨ ᠠᠰᠢᠭ ᠣᠯᠬᠤ ᠶ᠋ᠢᠨ ᠲᠥᠯᠥᠭᠡ᠂ ᠨᠢᠭᠡᠨ ᠨᠡᠭᠦᠷᠡᠰᠦᠨ ᠠᠭᠤᠷᠬᠠᠢ ᠵᠢᠨ ᠦᠢᠯᠡᠳᠪᠦᠷᠢ ᠶ᠋ᠢᠨ ᠲᠣᠭᠣᠷᠢᠭ ᠲᠤ᠌ ᠲᠠᠯᠪᠢᠵᠤ ᠪᠠᠶᠢᠭᠰᠠᠨ ᠲᠣᠮᠣ ᠬᠡᠯᠪᠡᠷᠢ ᠶ᠋ᠢᠨ ᠮᠠᠰᠢᠨ ᠲᠡᠷᠭᠡᠨ ᠦ᠌ ᠴᠠᠬᠢᠯᠭᠠᠨ ᠬᠤᠷᠢᠶᠠᠭᠤᠷ ᠢ ᠬᠤᠯᠠᠭᠠᠶᠢᠯᠠᠵᠠᠢ᠂ ᠴᠠᠬᠢᠯᠭᠠᠨ ᠬᠤᠷᠢᠶᠠᠭᠤᠷ ᠢ ᠵᠠᠳᠠᠯᠤᠨ ᠰᠠᠯᠭᠠᠵᠤ ᠲᠡᠭᠡᠭᠡᠪᠦᠷᠢᠯᠡᠭᠡᠳ ᠬᠡᠷᠡᠭ ᠲᠤᠬᠠᠢ ᠶ᠋ᠢᠨ ᠲᠠᠯᠠᠪᠠᠢ ᠠ᠋ᠴᠠ  ᠵᠠᠶᠢᠯᠠᠵᠤ ᠶᠠᠪᠤᠬᠤ ᠦᠶ᠎ᠡ ᠳ᠋ᠦ᠍᠂ ᠦᠢᠯᠡᠳᠪᠦᠷᠢ ᠶ᠋ᠢᠨ ᠲᠣᠭᠣᠷᠢᠭ ᠤ᠋ᠨ ᠨᠡᠯᠢᠶᠡᠳ ᠣᠯᠠᠨ ᠠᠵᠢᠯᠴᠢᠨ ᠳ᠋ᠤ᠌ ᠮᠡᠳᠡᠭᠳᠡᠭᠡᠳ ᠶᠠᠩ ᠣᠪᠣᠭᠲᠤ  ᠶ᠋ᠢ ᠡᠷᠬᠡᠨ ᠳᠦ ᠪᠡᠨ ᠣᠷᠣᠭᠤᠯᠤᠭᠠᠳ ᠲᠤᠰ ᠨᠡᠭᠦᠷᠡᠰᠦᠨ ᠠᠭᠤᠷᠬᠠᠢ ᠶ᠋ᠢᠨ ᠰᠠᠭᠤᠭᠠᠯᠢ ᠲᠣᠭᠣᠷᠢᠭ ᠤ᠋ᠨ ᠠᠯᠪᠠᠨ ᠭᠡᠷ ᠲᠦ᠍ ᠳᠠᠭᠠᠭᠤᠯᠤᠨ ᠠᠪᠠᠴᠢᠵᠤ ᠰᠠᠬᠢᠨ ᠰᠠᠭᠤᠵᠠᠢ ᠃ ᠦᠢᠯᠡᠳᠪᠦᠷᠢ ᠶ᠋ᠢᠨ ᠲᠣᠭᠣᠷᠢᠭ ᠤ᠋ᠨ ᠠᠵᠢᠯᠴᠢᠳ ᠬᠡᠷᠡᠭ  ᠮᠡᠳᠡᠭᠦᠯᠦᠭᠰᠡᠨ ᠢ ᠮᠡᠳᠡᠭᠰᠡᠨ ᠶᠠᠩ ᠣᠪᠣᠭᠲᠤ ᠠᠷᠠᠳ ᠤ᠋ᠨ ᠴᠠᠭᠳᠠᠭ᠎ᠠ ᠲᠤᠬᠠᠢ ᠶ᠋ᠢᠨ ᠲᠠᠯᠠᠪᠤᠷ ᠲᠤ ᠤᠳᠠᠯ ᠦᠭᠡᠢ ᠢᠷᠡᠬᠦ ᠭᠡᠵᠦ ᠪᠠᠶᠢᠭ᠎ᠠ  ᠪᠠᠢᠳᠠᠯ ᠤ᠋ᠨ ᠳᠣᠣᠷ᠎ᠠ᠂ ᠠᠯᠪᠠᠨ ᠭᠡᠷ ᠲᠡᠬᠢ ᠬᠣᠶᠠᠷ ᠵᠢᠮᠢᠰᠬᠢᠲᠤᠭ᠎ᠠ  ᠠᠳᠬᠤᠭᠠᠳ ᠲᠤᠬᠠᠢ ᠶ᠋ᠢᠨ ᠲᠠᠯᠠᠪᠠᠢ ᠳ᠋ᠤ᠌ ᠰᠠᠬᠢᠨ ᠰᠠᠭᠤᠵᠤ ᠪᠠᠶᠢᠭᠰᠠᠨ ᠬᠦᠮᠦᠰᠵᠦᠭ ᠬᠤᠷᠤᠶᠢᠯᠳᠤᠵᠤ ᠠᠶᠤᠯᠭᠠᠨ ᠰᠦᠷᠳᠡᠭᠦᠯᠦᠭᠡᠳ ᠬᠡᠳᠦᠨ ᠮᠧᠲ᠋ᠷ ᠳᠤᠲᠠᠭᠠᠭᠰᠠᠨ ᠤ᠋ ᠳᠠᠷᠠᠭ᠎ᠠ ᠦᠢᠯᠡᠳᠪᠦᠷᠢ ᠶ᠋ᠢᠨ ᠲᠣᠭᠣᠷᠢᠭ ᠤ᠋ᠨ ᠣᠯᠠᠨ ᠠᠵᠢᠯᠲᠠᠨ ᠳᠤ ᠳᠠᠬᠢᠨᠲᠠ ᠡᠷᠬᠡᠰᠢᠶᠡᠭᠳᠡᠭᠡᠳ ᠳᠣᠲᠣᠭᠠᠳᠤ ᠶ᠋ᠢ ᠬᠠᠮᠠᠭᠠᠯᠠᠬᠤ ᠪᠠᠶᠢᠭᠤᠯᠭ᠎ᠠ ᠳ᠋ᠤ᠌ ᠰᠢᠯᠵᠢᠭᠦᠯᠦᠨ ᠬᠦᠷᠭᠡᠭᠳᠡᠵᠡᠢ᠃ 3 ᠰᠠᠷ᠎ᠠ ᠶ᠋ᠢᠨ 20 ᠤ᠋ ᠡᠳᠦᠷ ᠂ ᠳᠣᠲᠣᠭᠠᠳᠤ ᠶ᠋ᠢ ᠬᠠᠮᠠᠭᠠᠯᠠᠬᠤ ᠪᠠᠢᠭᠤᠯᠭ᠎ᠠ ᠠ᠋ᠴᠠ ᠲᠤᠰ ᠬᠡᠷᠡᠭ ᠢ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠳ᠋ᠤ᠌ ᠰᠢᠯᠵᠢᠭᠦᠯᠦᠨ ᠢᠷᠡᠭᠦᠯᠵᠦ ᠂ 3 ᠰᠠᠷ᠎ᠠ ᠶ᠋ᠢᠨ 27 ᠤ᠋ ᠡᠳᠦᠷ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠠ᠋ᠴᠠ  ᠪᠠᠷᠢᠪᠴᠢᠯᠠᠯ ᠢ ᠵᠥᠪᠰᠢᠶᠡᠷᠡᠭᠰᠡᠨ ᠲᠣᠭᠲᠠᠭᠠᠯ ᠭᠠᠷᠭᠠᠵᠠᠢ᠃ ᠬᠡᠷᠡᠭ ᠢ᠋  ᠤᠯᠠᠮ  ᠨᠢᠭᠡ ᠠᠯᠬᠤᠮ ᠬᠢᠨᠠᠨ ᠰᠢᠭᠦᠵᠦ ᠪᠣᠢ᠃ 


ᠢᠷᠡᠯᠲᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro