2020 ᠣᠨ ᠤ᠋ 1 ᠳ᠋ᠤᠭᠡᠷ ᠰᠠᠷ᠎ᠠ ᠡᠴᠡ 3 ᠳ᠋ᠤᠭᠠᠷ ᠰᠠᠷ᠎ᠠ ᠪᠣᠯᠲᠠᠯᠠᠬᠢ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠶ᠋ᠢᠨ ᠬᠡᠷᠡᠭ ᠰᠢᠢᠳᠪᠦᠷᠢᠯᠡᠯᠲᠡ ᠵᠢᠨ ᠭᠣᠣᠯ ᠲᠣᠭ᠎ᠠ ᠪᠠᠷᠢᠮᠲᠠ ᠨᠡᠶᠢᠲᠡᠯᠡᠭᠳᠡᠯ᠎ᠡ
2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠰᠢ ᠵᠢᠨ ᠫᠢᠩᠰᠢᠨᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠪᠦᠬᠦᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠵᠤ ᠂ ᠬᠢᠵᠢᠭᠪᠠᠢᠳᠠᠯ ᠢ᠋ ᠰᠡᠷᠭᠡᠢᠯᠡᠨ ᠴᠢᠩᠳᠠᠯᠠᠬᠤ ᠠᠵᠢᠯ ᠤ᠋ᠨ ᠲᠤᠬᠠᠢ ᠶᠡᠷᠦᠩᠬᠡᠢ ᠱᠦᠵᠢ ᠰᠢ ᠵᠢᠨ ᠫᠢᠩ ᠦᠨ ᠰᠢᠷᠢᠰ ᠴᠢᠬᠤᠯᠠ ᠶᠠᠷᠢᠶᠠᠨ ᠤ᠋ ᠵᠣᠷᠢᠭ ᠰᠠᠨᠠᠭ᠎ᠠ ᠶ᠋ᠢ ᠡᠷᠡᠰ ᠲᠤᠤᠱᠯᠠᠭᠤᠯᠵᠤ ᠂ ᠳ᠋ᠦᠩᠱᠧᠩ ᠲᠣᠭᠣᠷᠢᠭ ᠤ᠋ᠨ ᠤᠯᠤᠰ ᠲᠥᠷᠥ ᠬᠠᠤᠯᠢ ᠴᠠᠭᠠᠵᠠ ᠶ᠋ᠢᠨ ᠠᠵᠢᠯ ᠤ᠋ᠨ ᠬᠤᠷᠠᠯ ᠪᠠ ᠪᠦᠬᠦ ᠬᠣᠲᠠ ᠶ᠋ᠢᠨ ᠪᠠᠢᠴᠠᠭᠠᠬᠤ ᠳᠠᠷᠤᠭ᠎ᠠ ᠨᠠᠷᠬᠤᠷᠠᠯ ᠤ᠋ᠨ ᠪᠠᠢᠷᠢᠯᠠᠭᠤᠯᠤᠯᠲᠠ ᠶ᠋ᠢ ᠬᠢᠨᠠᠮᠠᠭᠠᠢ ᠨᠠᠢᠳᠠᠪᠤᠷᠢᠵᠢᠭᠤᠯᠵᠤ ᠂ ︽ᠤᠯᠤᠰ ᠲᠥᠷᠥ ᠶ᠋ᠢ ᠡᠷᠬᠢᠮᠯᠡᠨ ᠶᠡᠬᠡ ᠲᠠᠯ᠎ᠠ ᠶ᠋ᠢ ᠬᠠᠷᠠᠭᠠᠯᠵᠠᠵᠤ ᠬᠦᠭᠵᠢᠭᠦᠯᠦᠯᠲᠡ ᠰᠦᠪᠡᠭᠴᠢᠯᠡᠨ ᠦᠪᠡᠰᠦᠪᠡᠨ ᠬᠦᠴᠦᠷᠬᠡᠭᠵᠢᠬᠦ ᠶ᠋ᠢ ᠴᠢᠬᠤᠯᠠᠴᠢᠯᠠᠬᠤ︾ ᠶᠡᠷᠦᠩᠬᠡᠢ ᠱᠠᠭᠠᠷᠳᠠᠯᠭ᠎ᠠ ᠪᠠᠷᠢᠮᠲᠠᠯᠠᠵᠤ᠂ ᠬᠠᠤᠯᠢ ᠴᠠᠭᠠᠵᠠ ᠵᠢᠨ ᠬᠢᠨᠠᠯᠲᠠ ᠲᠠᠯᠪᠢᠬᠤ ᠲᠤᠰᠢᠶᠠᠯ ᠴᠢᠳᠠᠪᠬᠢ ᠪᠠᠨ ᠭᠦᠢᠴᠡᠳ ᠭᠦᠢᠴᠡᠳᠬᠡᠵᠦ᠂ ᠰᠢᠨ᠎ᠡ ᠺᠣᠷᠤᠨᠠ ᠨᠢᠶᠠᠨ ᠬᠢᠵᠢᠭ ᠢ ᠰᠡᠷᠭᠡᠶᠢᠯᠡᠨ ᠴᠢᠩᠳᠠᠯᠠᠬᠤ ᠬᠣᠬᠢᠷᠠᠭᠤᠯᠤᠭᠰᠠᠨ ᠶᠠᠯᠠᠲᠤ ᠠᠵᠢᠯᠯᠠᠭ᠎ᠠ ᠵᠠᠯᠬᠠᠭᠠᠨ ᠰᠢᠢᠳᠬᠡᠬᠦ ᠪᠡᠨ ᠲᠣᠪᠣᠶᠢᠯᠭᠠᠨ᠂ ᠬᠢᠵᠢᠭ ᠢ ᠬᠠᠤᠯᠢ ᠶᠣᠰᠣᠭᠠᠷ ᠰᠡᠷᠭᠡᠶᠢᠯᠡᠨ ᠴᠢᠩᠳᠠᠯᠠᠬᠤ ᠪᠣᠯᠤᠨ ᠠᠵᠢᠯ ᠦᠢᠯᠡᠳᠪᠦᠷᠢᠯᠡᠯᠰᠡᠷᠭᠦᠭᠡᠯᠲᠡ ᠪᠠᠲᠤᠯᠠᠬᠤ ᠠᠵᠢᠯ ᠢᠶᠠᠨ ᠨᠢᠭᠡᠳᠦᠯᠲᠡᠢ ᠲᠦᠯᠦᠪᠯᠡᠵᠦ︽ ᠳᠦᠷᠪᠡᠨ ᠶᠡᠬᠡ ᠪᠠᠶᠢᠴᠠᠭᠠᠬᠤ ᠠᠵᠢᠯ ᠲᠥᠷᠥᠯ︾ ᠪᠠ︽ ᠠᠷᠪᠠᠨ ᠶᠡᠬᠡ ᠲᠤᠬᠠᠶᠢᠯᠠᠭᠰᠠᠨ ᠠᠵᠢᠯ︾ᠭᠦᠨᠵᠡᠭᠡᠶᠢᠷᠡᠨ ᠬᠥᠭᠵᠢᠬᠦ ᠪᠦᠬᠦ ᠲᠠᠯ᠎ᠠ ᠪᠠᠷ ᠲᠦᠯᠬᠢᠨ ᠠᠬᠢᠭᠤᠯᠵᠠᠢ᠃ ᠬᠡᠷᠡᠭ ᠰᠢᠢᠳᠪᠦᠷᠢᠯᠡᠭᠰᠡᠨ ᠭᠣᠣᠯ ᠲᠣᠭ᠎ᠠ ᠪᠠᠷᠢᠮᠲᠠ ᠪᠠᠨ ᠳᠣᠣᠷᠠᠬᠢ ᠮᠡᠲᠦ ᠨᠡᠢᠲᠡᠯᠡᠪᠡ ᠄
ᠨᠢᠭᠡ ᠂ ᠡᠷᠡᠭᠦᠦ ᠶ᠋ᠢᠨ ᠬᠡᠷᠡᠭᠪᠠᠶᠢᠴᠠᠭᠠᠯᠲᠠ ᠵᠢᠨ ᠬᠡᠷᠡᠭ ᠰᠢᠢᠳᠪᠦᠷᠢᠯᠡᠯᠡᠲᠡ ᠵᠢᠨ ᠭᠣᠣᠯ ᠲᠣᠭ᠎ᠠ ᠪᠠᠷᠢᠮᠲᠠ
( ᠨᠢᠭᠡ ) ᠪᠠᠷᠢᠪᠴᠢᠯᠠᠯ ᠢ᠋ ᠬᠢᠨᠠᠨ ᠪᠠᠶᠢᠴᠠᠭᠠᠭᠰᠠᠨ ᠪᠠᠶᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠡᠯ᠎ᠡ ᠲᠥᠷᠥᠯ ᠶᠠᠯᠠᠲᠤ ᠠᠵᠢᠯᠯᠠᠭ᠎ᠠ ᠬᠢᠭᠰᠡᠨ 39 ᠬᠥᠮᠦᠨ ᠢ᠋ ᠪᠠᠷᠢᠪᠴᠢᠯᠠᠬᠤ ᠶ᠋ᠢ ᠵᠥᠪᠰᠢᠶᠡᠷᠡᠭᠰᠡᠨ ᠪᠠ ᠪᠠᠷᠢᠪᠴᠢᠯᠠᠬᠤ ᠲᠣᠭᠲᠠᠭᠠᠵᠤ ᠂ ᠠᠳᠠᠯᠢ ᠬᠤᠭᠤᠴᠠᠭᠠᠨ ᠤ᠋ ᠬᠢ ᠡᠴᠡ 51.9% ᠪᠡᠷ ᠪᠠᠭᠤᠷᠠᠭᠰᠠᠨ ᠪᠠᠢᠨ᠎ᠠ ᠃ 6 ᠬᠦᠮᠦᠨ ᠦ ᠪᠠᠷᠢᠪᠴᠢᠯᠠᠯ ᠢ ᠥᠯᠥ ᠵᠦᠪᠰᠢᠶᠡᠷᠡᠭᠰᠡᠨ ᠪᠠ ᠡᠰᠡ ᠲᠣᠭᠲᠠᠭᠠᠵᠤ ᠂ ᠠᠳᠠᠯᠢ ᠬᠤᠭᠤᠴᠠᠭᠠᠨ ᠤ᠋ ᠬᠢ ᠡᠴᠡ 200% ᠪᠠᠷ ᠨᠡᠮᠡᠭᠳᠡᠵᠦ ᠂ ᠥᠯᠥ ᠪᠠᠷᠢᠪᠴᠢᠯᠠᠬᠤ ᠨᠣᠷᠮ᠎ᠠ ᠨᠢ 13.3% ᠪᠠᠢᠵᠤ ᠂ ᠠᠳᠠᠯᠢ ᠬᠤᠭᠤᠴᠠᠭᠠᠨ ᠤ᠋ ᠬᠢ ᠡᠴᠡ 10.9 ᠵᠠᠭᠤᠨ ᠋ ᠨᠢᠭᠡᠴᠢ ᠪᠡᠷ ᠨᠡᠮᠡᠭᠳᠡᠪᠡ ᠃
( ᠬᠣᠶᠠᠷ ) ᠵᠠᠭᠠᠯᠳᠤᠯᠭ᠎ᠠ ᠬᠢᠨᠠᠨ ᠪᠠᠶᠢᠴᠠᠭᠠᠭᠰᠠᠨ ᠪᠠᠶᠢᠳᠠᠯ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠶᠢᠲᠡ144 ᠬᠥᠮᠦᠨ ᠢ᠋ ᠵᠠᠭᠠᠯᠳᠤᠬᠤ ᠪᠠᠷ ᠲᠣᠭᠲᠠᠭᠠᠵᠤ ᠂ ᠠᠳᠠᠯᠢ ᠬᠤᠭᠤᠴᠠᠭᠠᠨ ᠤ᠋ ᠬᠢ ᠡᠴᠡ 23% ᠪᠠᠷ ᠪᠠᠭᠤᠷᠠᠪᠠ︔ ᠵᠠᠭᠠᠯᠳᠤᠬᠤ ᠦᠭᠡᠢ ᠭᠡᠵᠦ ᠲᠣᠭᠲᠠᠭᠠᠭᠰᠠᠨ ᠬᠦᠮᠦᠨ ᠭᠠᠷᠤᠭᠰᠠᠨ ᠦᠭᠡᠢ᠂ ᠡᠠᠳᠠᠯᠢ ᠬᠤᠭᠤᠴᠠᠭᠠᠨ ᠤ᠋ ᠬᠢ ᠡᠴᠡ ᠴᠡᠪᠡᠷ ᠪᠠᠭᠤᠷᠠᠯᠲᠠ ᠲᠠᠢ᠃ ᠡᠭᠦᠨ ᠳ᠋ᠦ᠍ ᠂ ᠶᠠᠯ᠎ᠠ ᠪᠠᠨ ᠮᠡᠳᠡᠷᠡᠵᠦ ᠰᠢᠳᠬᠡᠯ ᠢᠶᠡᠨ ᠬᠦᠯᠢᠶᠡᠭᠰᠡᠳ ᠢ᠋ ᠠᠭᠤᠴᠢᠯᠠᠨ ᠰᠢᠢᠳᠪᠦᠷᠢᠯᠡᠬᠦ ᠳᠦᠷᠢᠮ ᠢ᠋ 137 ᠬᠥᠮᠦᠨ ᠳᠦ ᠲᠣᠬᠢᠷᠠᠭᠤᠯᠤᠨ ᠬᠡᠷᠡᠭᠯᠡᠵᠦ᠂ ᠠᠳᠠᠯᠢ ᠬᠤᠭᠤᠴᠠᠭᠠᠨ ᠳᠡᠬᠢ ᠬᠢᠨᠠᠨ ᠵᠠᠭᠠᠯᠳᠤᠯᠭ᠎ᠠ ᠵᠢᠨ ᠬᠡᠷᠡᠭᠬᠢᠨᠠᠨ ᠳᠠᠭᠤᠰᠬᠠᠭᠰᠠᠨ ᠬᠥᠮᠦᠨ ᠦ᠌ ᠲᠣᠭ᠎ᠠ ᠶ᠋ᠢᠨ 95.1% ᠶ᠋ᠢ ᠡᠵᠡᠯᠡᠪᠡ ᠃
( ᠭᠤᠷᠪᠠ ) ᠰᠢᠨ᠎ᠡ ᠺᠣᠷᠤᠨᠠ ᠨᠢᠶᠠᠨ ᠬᠢᠵᠢᠭ ᠢ ᠰᠡᠷᠭᠡᠶᠢᠯᠡᠨ ᠴᠢᠩᠳᠠᠯᠠᠬᠤ ᠬᠣᠬᠢᠷᠠᠭᠤᠯᠤᠭᠰᠠᠨ ᠶᠠᠯᠠᠲᠤ ᠬᠡᠷᠡᠭ ᠢ ᠰᠢᠢᠳᠪᠦᠷᠢᠯᠡᠭᠰᠡᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠰᠢᠨ᠎ᠡ ᠺᠣᠷᠤᠨᠠ ᠨᠢᠶᠠᠨ ᠬᠢᠵᠢᠭ ᠢ ᠰᠡᠷᠭᠡᠶᠢᠯᠡᠨ ᠴᠢᠩᠳᠠᠯᠠᠬᠤ ᠬᠣᠬᠢᠷᠠᠭᠤᠯᠤᠭᠰᠠᠨ ᠶᠠᠯᠠᠲᠤ ᠬᠡᠷᠡᠭ ᠲᠦ2 ᠬᠥᠮᠦᠨ ᠢ᠋ ᠪᠠᠷᠢᠪᠴᠢᠯᠠᠬᠤ ᠵᠥᠪᠰᠢᠶᠡᠷᠡᠭᠰᠡᠨ ᠪᠠ ᠪᠠᠷᠢᠪᠴᠢᠯᠠᠬᠤ ᠪᠠᠷ ᠲᠣᠭᠲᠠᠭᠠᠵᠤ ᠂ ᠬᠢᠨᠠᠨ ᠳᠠᠭᠤᠰᠬᠠᠭᠰᠠᠨ ᠲᠣᠭ᠎ᠠ ᠶ᠋ᠢᠨ 5.1% ᠶ᠋ᠢ ᠡᠵᠡᠯᠡᠵᠦ ᠪᠠᠢᠨ᠎ᠠ ︔ 2 ᠬᠥᠮᠦᠨ ᠢ᠋ ᠵᠠᠭᠠᠯᠳᠤᠬᠤ ᠪᠠᠷ ᠲᠣᠭᠲᠠᠵᠤ ᠬᠢᠨᠠᠨ ᠳᠠᠭᠤᠰᠬᠠᠭᠰᠠᠨ ᠲᠣᠭ᠎ᠠ ᠶ᠋ᠢᠨ 1.4% ᠶ᠋ᠢ ᠡᠵᠡᠯᠡᠨ᠎ᠡ ᠃
︵ ᠳᠥᠷᠪᠡ ︶ ᠡᠷᠡᠭᠦᠦ ᠶ᠋ᠢᠨ ᠭᠦᠢᠴᠡᠳᠬᠡᠯᠲᠡ ᠬᠢᠨᠠᠨ ᠪᠠᠶᠢᠴᠠᠭᠠᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠠ᠋ᠴᠠ ᠡᠷᠡᠭᠦᠦ ᠶ᠋ᠢᠨ ᠬᠡᠷᠡᠭᠭᠦᠢᠴᠡᠳᠭᠡᠬᠦ ᠠᠵᠢᠯᠯᠠᠭ᠎ᠠ ᠪᠠ ᠭᠢᠨᠳᠠᠨ ᠤ᠋ ᠭᠠᠳᠠᠨ᠎ᠠ ᠭᠦᠢᠴᠡᠳᠭᠡᠬᠦ ᠠᠵᠢᠯᠯᠠᠭ᠎ᠠ ᠶ᠋ᠢᠨ ᠬᠠᠤᠯᠢ ᠵᠣᠷᠢᠴᠡᠭᠰᠡᠨ 22 ᠬᠥᠮᠦᠨ ᠳᠤ ᠪᠠᠢᠴᠠᠭᠠᠬᠤ ᠰᠠᠨᠠᠭᠤᠯᠭ᠎ᠠ ᠳᠤᠷᠠᠳᠴᠤ ᠂ ᠠᠳᠠᠯᠢ ᠬᠤᠭᠤᠴᠠᠭᠠᠨ ᠤ᠋ ᠬᠢ ᠡᠴᠡ 22.2% ᠢ᠋ᠶ᠋ᠠᠷ ᠨᠡᠮᠡᠭᠳᠡᠵᠡᠢ ︔ ᠲᠤᠰ ᠬᠤᠭᠤᠴᠠᠭᠠᠨ ᠳ᠋ᠤ᠌ ᠬᠣᠯᠪᠣᠭᠳᠠᠯ ᠪᠦᠬᠦᠢ ᠪᠠᠢᠭᠤᠯᠭ᠎ᠠ 15ᠬᠦᠮᠦᠨ ᠳᠡᠬᠢ ᠰᠠᠨᠠᠭᠤᠯᠭ᠎ᠠ ᠨᠢ ᠬᠦᠯᠢᠶᠡᠨ ᠠᠪᠴᠠᠢ᠂ ᠡᠨᠡ ᠨᠢ ᠳᠤᠷᠠᠳᠤᠯᠭ᠎ᠠ ᠭᠠᠷᠭᠠᠭᠰᠠᠨ ᠲᠣᠭᠠᠨ ᠤ᠋ 68.2% ᠢ᠋ ᠡᠵᠡᠯᠡᠨ᠎ᠡ ᠃ ᠬᠣᠷᠢᠬᠤᠶᠢᠴᠠ ᠴᠢᠨᠠᠷ ᠤ᠋ᠨ ᠬᠢᠨᠠᠨ ᠪᠠᠶᠢᠴᠠᠭᠠᠯᠲᠠ ᠵᠢᠨ ᠬᠡᠷᠡᠭ ᠪᠣᠯᠭᠠᠯᠲᠠ ᠳᠤ 11 ᠬᠥᠮᠦᠨ ᠪᠠᠶᠢᠵᠤ ᠂ ᠠᠳᠠᠯᠢ ᠬᠤᠭᠤᠴᠠᠭᠠᠨ ᠤ᠋ ᠬᠢ ᠡᠴᠡ 15.4% ᠪᠡᠷ ᠪᠠᠭᠤᠷᠠᠪᠠ ︔ 9 ᠬᠦᠮᠦᠨ ᠦ ᠬᠢ ᠠᠯᠪᠠᠳᠠᠯᠭ᠎ᠠ ᠶ᠋ᠢᠨ ᠠᠷᠭ᠎ᠠ ᠬᠡᠮᠵᠢᠶ᠎ᠡ ᠶ᠋ᠢ ᠨᠢ ᠬᠤᠪᠢᠷᠠᠭᠤᠯᠬᠤ ᠪᠤᠶᠤ ᠰᠤᠯᠠᠯᠠᠬᠤ ᠰᠠᠨᠠᠭᠤᠯᠭ᠎ᠠ ᠳᠤᠷᠠᠳᠴᠤ ᠂ ᠠᠳᠠᠯᠢ ᠬᠤᠭᠤᠴᠠᠭᠠᠨ ᠤ᠋ ᠬᠢ ᠡᠴᠡ 30.8% ᠪᠠᠭᠤᠷᠠᠪᠠ ︔ ᠲᠤᠰ ᠬᠤᠭᠤᠴᠠᠭᠠᠨ ᠳ᠋ᠤ᠌ ᠬᠣᠯᠪᠣᠭᠳᠠᠯ ᠪᠦᠬᠦᠢ ᠪᠠᠢᠭᠤᠯᠭ᠎ᠠ 7 ᠬᠦᠮᠦᠨ ᠳᠡᠬᠢ ᠰᠠᠨᠠᠭᠤᠯᠭ᠎ᠠ ᠨᠢ ᠬᠦᠯᠢᠶᠡᠨ ᠡᠠᠪᠴᠣ ᠳᠤᠷᠠᠳᠤᠯᠭ᠎ᠠ ᠭᠠᠷᠭᠠᠭᠰᠠᠨ ᠲᠣᠭᠠᠨ ᠤ᠋ 77.8% ᠶ᠋ᠢ ᠡᠵᠡᠯᠡᠪᠡ ᠃
ᠬᠣᠶᠠᠷ ᠂ ᠢᠷᠭᠡᠨ ᠦ᠌ ᠬᠡᠷᠡᠭᠬᠢᠨᠠᠨ ᠪᠠᠶᠢᠴᠠᠭᠠᠯᠲᠠ ᠵᠢᠨ ᠬᠡᠷᠡᠭ ᠰᠢᠢᠳᠪᠦᠷᠢᠯᠡᠯᠲᠡ ᠵᠢᠨ ᠭᠣᠣᠯ ᠲᠣᠭ᠎ᠠ ᠪᠠᠷᠢᠮᠲᠠ
(ᠨᠢᠭᠡ) ᠢᠷᠭᠡᠨ ᠦ᠌ ᠬᠡᠷᠡᠭᠬᠦᠴᠦᠨ ᠲᠡᠢ ᠪᠣᠯᠤᠭᠰᠠᠨ ᠰᠢᠭᠦᠨ ᠲᠠᠰᠤᠯᠤᠯᠲᠠ ᠂ ᠬᠢᠨᠠᠨ ᠲᠣᠭᠲᠠᠭᠠᠯᠲᠠ᠂ ᠡᠶᠡᠳᠡᠭᠦᠯᠭᠡ ᠶ᠋ᠢᠨ ᠪᠢᠴᠢᠭ ᠲᠦ᠍ ᠬᠢᠨᠠᠯᠲᠠ ᠲᠠᠯᠪᠢᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠢᠲᠡ 2 ᠬᠡᠷᠡᠭ ᠢ᠋ ᠬᠦᠯᠢᠶᠡᠨ ᠠᠪᠴᠤ ᠰᠢᠢᠳᠪᠦᠷᠢᠯᠡᠵᠡᠢ᠂ ᠠᠳᠠᠯᠢ ᠬᠤᠭᠤᠴᠠᠭᠠᠨ ᠤ᠋ ᠬᠢ ᠡᠴᠡ 86.7% ᠪᠠᠷ ᠪᠠᠭᠤᠷᠠᠪᠠ᠃ ᠳᠠᠬᠢᠨ ᠰᠢᠭᠦᠯᠭᠡᠬᠦ ᠰᠠᠨᠠᠭᠤᠯᠭ᠎ᠠ 3 ᠬᠤᠪᠢ ( ᠳᠠᠷᠤᠭᠳᠠᠮᠠᠯ ᠬᠡᠷᠡᠭ ᠢ ᠪᠠᠭᠲᠠᠭᠠᠨ᠎ᠠ ) ᠶ᠋ᠢ ᠳᠤᠷᠠᠳᠴᠤ ᠂ ᠠᠳᠠᠯᠢ ᠬᠤᠭᠤᠴᠠᠭᠠᠨ ᠤ᠋ ᠬᠢ ᠡᠴᠡ 200% ᠪᠠᠷ ᠨᠡᠮᠡᠭᠳᠡᠵᠦ ᠂ ᠲᠤᠰ ᠬᠤᠭᠤᠴᠠᠭᠠᠨ ᠳᠤ ᠰᠢᠭᠦᠬᠦ ᠬᠣᠷᠢᠶ᠎ᠠ1 ᠬᠤᠪᠢ ᠨᠢ ᠬᠦᠯᠢᠶᠡᠨ ᠠᠪᠴᠤ ᠂ ᠳᠠᠬᠢᠨ ᠰᠢᠭᠦᠯᠭᠡᠬᠦ ᠰᠠᠨᠠᠭᠤᠯᠭ᠎ᠠ ᠳᠤᠷᠠᠳᠤᠯᠲᠠ ᠶ᠋ᠢᠨ 33.3% ᠶ᠋ᠢ ᠡᠵᠡᠯᠡᠵᠡᠢ ᠃ ᠡᠰᠡᠷᠭᠦᠴᠡᠨ ᠵᠠᠭᠠᠯᠳᠤᠬᠤ ᠪᠠᠷ ᠲᠡᠪᠰᠢᠭᠦᠯᠦᠭᠰᠡᠨ ᠬᠡᠷᠡᠭ 2 ᠪᠠᠶᠢᠵᠤ᠂ ᠠᠳᠠᠯᠢ ᠬᠤᠭᠤᠴᠠᠭᠠᠨ ᠤ᠋ ᠬᠢ ᠡᠴᠡ 33.3% ᠪᠠᠷ ᠪᠠᠭᠤᠷᠠᠪᠠ ᠃
(ᠬᠣᠶᠠᠷ) ᠢᠷᠭᠡᠨ ᠦ᠌ ᠬᠡᠷᠡᠭᠰᠢᠭᠦᠨ ᠲᠠᠰᠤᠯᠬᠤ ᠠᠵᠢᠯᠯᠠᠭ᠎ᠠ ᠳ᠋ᠤ᠌ ᠬᠢᠨᠠᠯᠲᠠ ᠲᠠᠯᠪᠢᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠶᠢᠲᠡ 17 ᠬᠡᠷᠡᠭ ᠢ᠋ ᠬᠦᠯᠢᠶᠡᠨ ᠠᠪᠴᠤ ᠰᠢᠢᠳᠪᠦᠷᠢᠯᠡᠵᠦ᠂ ᠠᠳᠠᠯᠢ ᠬᠤᠭᠤᠴᠠᠭᠠᠨ ᠤ᠋ ᠬᠢ ᠡᠴᠡ 466.7% ᠪᠠᠷ ᠨᠡᠮᠡᠭᠳᠡᠵᠡᠢ᠃ 1 ᠬᠤᠪᠢ ᠪᠠᠢᠴᠠᠭᠠᠬᠤ ᠰᠠᠨᠠᠭᠤᠯᠭ᠎ᠠ ᠳᠤᠷᠠᠳᠴᠤ ᠂ ᠠᠳᠠᠯᠢ ᠬᠤᠭᠤᠴᠠᠭᠠᠨ ᠤ᠋ ᠬᠢ ᠡᠴᠡ 50% ᠪᠠᠭᠤᠷᠠᠵᠤ ᠂ ᠬᠢᠨᠠᠨ ᠳᠠᠭᠤᠰᠬᠠᠭᠰᠠᠨ ᠲᠣᠭ᠎ᠠ ᠶ᠋ᠢᠨ 100% ᠶ᠋ᠢ ᠡᠵᠡᠯᠡᠵᠦ ᠪᠠᠢᠨ᠎ᠠ ᠃
( ᠭᠤᠷᠪᠠ ) ᠢᠷᠭᠡᠨ ᠦ᠌ ᠬᠡᠷᠡᠭᠭᠦᠢᠴᠡᠳᠭᠡᠬᠦ ᠠᠵᠢᠯᠯᠠᠭ᠎ᠠ ᠳ᠋ᠤ᠌ ᠬᠢᠨᠠᠯᠲᠠ ᠲᠠᠯᠪᠢᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠶᠢᠲᠡ 2 ᠬᠡᠷᠡᠭ ᠢ᠋ ᠬᠦᠯᠢᠶᠡᠨ ᠠᠪᠴᠤ ᠰᠢᠢᠳᠪᠦᠷᠢᠯᠡᠵᠦ᠂ ᠠᠳᠠᠯᠢ ᠬᠤᠭᠤᠴᠠᠭᠠᠨ ᠤ᠋ ᠬᠢ ᠡᠴᠡ 33.3% ᠪᠠᠭᠤᠷᠠᠵᠠᠢ᠃ 1 ᠬᠤᠪᠢ ᠪᠠᠢᠴᠠᠭᠠᠬᠤ ᠰᠠᠨᠠᠭᠤᠯᠭ᠎ᠠ ᠳᠤᠷᠠᠳᠴᠤ ᠂ ᠡᠨᠡ ᠨᠢ ᠠᠳᠠᠯᠢ ᠬᠤᠭᠤᠴᠠᠭ᠎ᠠ ᠶ᠋ᠢᠨ ᠬᠢ ᠡᠴᠡ 75% ᠪᠠᠭᠤᠷᠠᠵᠤ ᠂ ᠬᠢᠨᠠᠨ ᠳᠠᠭᠤᠰᠬᠠᠭᠰᠠᠨ ᠲᠣᠭ᠎ᠠ ᠶ᠋ᠢᠨ 100% ᠶ᠋ᠢ ᠡᠵᠡᠯᠡᠵᠦ ᠪᠠᠢᠨ᠎ᠠ ᠃
ᠭᠤᠷᠪᠠ ᠂ ᠵᠠᠰᠠᠭ ᠵᠠᠬᠢᠷᠭᠠᠨ ᠤ᠋ ᠬᠡᠷᠡᠭᠬᠢᠨᠠᠨ ᠪᠠᠶᠢᠴᠠᠭᠠᠯᠲᠠ ᠵᠢᠨ ᠬᠡᠷᠡᠭ ᠰᠢᠢᠳᠪᠦᠷᠢᠯᠡᠯᠲᠡ ᠵᠢᠨ ᠭᠣᠣᠯ ᠲᠣᠭ᠎ᠠ ᠪᠠᠷᠢᠮᠲᠠ
( ᠨᠢᠭᠡ ) ᠵᠠᠰᠠᠭ ᠵᠠᠬᠢᠷᠭᠠᠨ ᠤ᠋ ᠬᠡᠷᠡᠭᠰᠢᠭᠦᠨ ᠲᠠᠰᠤᠯᠬᠤ ᠠᠵᠢᠯᠯᠠᠭ᠎ᠠ ᠳ᠋ᠤ᠌ ᠬᠢᠨᠠᠯᠲᠠ ᠲᠠᠯᠪᠢᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠢᠲᠡ 8 ᠬᠡᠷᠡᠭ ᠢ᠋ ᠬᠦᠯᠢᠶᠡᠨ ᠠᠪᠴᠤ ᠰᠢᠢᠳᠪᠦᠷᠢᠯᠡᠵᠦ ᠂ ᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠪᠡ ᠃ 3 ᠬᠤᠪᠢ ᠪᠠᠢᠴᠠᠭᠠᠬᠤ ᠰᠠᠨᠠᠭᠤᠯᠭ᠎ᠠ ᠳᠤᠷᠠᠳᠴᠤ ᠂ ᠡᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠭᠰᠡᠨ ᠪᠦᠭᠡᠳ ᠬᠢᠨᠠᠨ ᠳᠠᠭᠤᠰᠬᠠᠭᠰᠠᠨ ᠲᠣᠭ᠎ᠠ ᠶ᠋ᠢᠨ 100% ᠶ᠋ᠢ ᠡᠵᠠᠯᠠᠪᠠᠠ ᠃
︵ᠬᠣᠶᠠᠷ︶ᠵᠠᠰᠠᠭ ᠵᠠᠬᠢᠷᠭᠠᠨ ᠤ᠋ ᠬᠡᠷᠡᠭᠭᠦᠢᠴᠡᠳᠭᠡᠬᠦ ᠠᠵᠢᠯᠯᠠᠭᠠᠨ ᠳ᠋ᠤ᠌ ᠬᠢᠨᠠᠯᠲᠠ ᠲᠠᠯᠪᠢᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠸᠩ ᠲᠣᠭᠣᠷᠢᠭ ᠤ᠋ᠨ ᠡᠠᠷᠠᠣᠠ ᠶ᠋ᠢᠨ ᠪᠠᠢᠴᠠᠭᠠᠬᠤ ᠬᠣᠷᠢᠢ᠎ᠠ 1 ᠬᠡᠷᠡᠭ ᠢ᠋ ᠬᠦᠯᠢᠶᠡᠨ ᠡᠠᠪᠴᠣ ᠂ ᠡᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠪᠡ ᠃
ᠳᠥᠷᠪᠡ ᠂ ᠨᠡᠢᠲᠡ ᠶ᠋ᠢᠨ ᠠᠰᠢᠭᠲᠤ ᠵᠠᠷᠭᠤ ᠶ᠋ᠢᠨ ᠬᠡᠷᠡᠭ ᠰᠢᠢᠳᠪᠦᠷᠢᠯᠡᠯᠲᠡ ᠵᠢᠨ ᠭᠣᠣᠯ ᠲᠣᠭ᠎ᠠ ᠪᠠᠷᠢᠮᠲᠠ
( ᠨᠢᠭᠡ ) ᠬᠦᠯᠢᠶᠡᠨ ᠰᠢᠢᠳᠪᠦᠷᠢᠯᠡᠯᠲᠡ ᠪᠠ ᠬᠡᠷᠡᠭ ᠪᠣᠯᠭᠠᠯᠲᠠ ᠵᠢᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠢᠲᠡ 16 ᠬᠡᠷᠡᠭᠰᠦᠪᠡᠭᠴᠢ ᠶ᠋ᠢ ᠬᠦᠯᠢᠶᠡᠨ ᠠᠪᠴᠤ ᠂ ᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠵᠡᠢ᠃ ᠬᠡᠷᠡᠭ ᠪᠣᠯᠭᠠᠭᠰᠠᠨ ᠨᠢ18 ᠬᠡᠷᠡᠭ ︵ ᠳᠠᠷᠤᠭᠳᠠᠮᠠᠯ ᠬᠡᠷᠡᠭ ᠪᠠᠭᠲᠠᠨ᠎ᠠ︶ ᠪᠠᠶᠢᠵᠤ᠂ ᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠭᠰᠡᠨ ᠪᠦᠭᠡᠳ ᠴᠦᠮ ᠵᠠᠰᠠᠭ ᠵᠠᠬᠢᠷᠭᠠᠨ ᠤ᠋ ᠬᠡᠷᠡᠭᠬᠡᠷᠡᠭ ᠪᠣᠯᠭᠠᠯᠲᠠ ᠪᠣᠯᠤᠨ᠎ᠠ᠃
︵ᠬᠣᠶᠠᠷ ︶ ᠵᠠᠷᠭᠤ ᠵᠢᠨ ᠡᠮᠦᠨᠡᠬᠢ ᠵᠢᠷᠤᠮ ᠤ᠋ᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠡᠢᠲᠡ 16 ᠬᠡᠷᠡᠭ ᠲᠦ ᠵᠠᠷᠭᠤ ᠶ᠋ᠢᠨ ᠡᠮᠦᠨᠡᠬᠢ ᠵᠢᠷᠤᠮ ᠢ᠋ ᠶᠠᠪᠤᠭᠳᠠᠭᠤᠯᠵᠤ᠂ ᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠵᠦ᠂ ᠴᠥᠮ ᠵᠠᠰᠠᠭ ᠵᠠᠬᠢᠷᠭᠠᠨ ᠤ᠋ ᠬᠡᠷᠡᠭᠨᠡᠢᠲᠡ ᠶ᠋ᠢᠨ ᠠᠰᠢᠭᠲᠤ ᠵᠠᠷᠭᠤ ᠶ᠋ᠢᠨ ᠡᠮᠦᠨᠡᠬᠢ ᠵᠢᠷᠤᠮ ᠪᠣᠯᠤᠨ᠎ᠠ᠃ ᠵᠠᠷᠭᠤ ᠵᠢᠨ ᠡᠮᠦᠨᠡᠬᠢ ᠵᠢᠷᠤᠮ ᠤ᠋ᠨ ᠬᠡᠷᠡᠭ ᠲᠦ᠍ ᠬᠣᠯᠪᠣᠭᠳᠠᠬᠤ ᠬᠦᠷᠢᠶᠡᠨ ᠡᠴᠡ ᠦᠵᠡᠪᠡᠯ ᠂ ᠢᠳᠡᠭᠡᠨ ᠦ ᠪᠠ ᠡᠮᠵᠦᠢᠯᠠᠮᠤᠷ ᠲᠦᠪᠰᠢᠨ ᠦ᠌ ᠬᠦᠷᠢᠶᠡᠨ ᠳᠡᠬᠢ ᠬᠡᠷᠡᠭ 7 ᠪᠠᠢᠵᠤ ᠂ 43.8% ᠶ᠋ᠢ ᠡᠵᠡᠯᠡᠵᠦ ᠂ ᠠᠮᠢ ᠠᠬᠤᠢ ᠣᠷᠴᠢᠨ ᠲᠣᠭᠣᠷᠢᠨ ᠪᠠ ᠡᠬᠢ ᠪᠠᠶᠠᠯᠢᠭ ᠤ᠋ᠨ ᠬᠠᠮᠠᠭᠠᠯᠠᠯᠲᠠ ᠶ᠋ᠢᠨ ᠬᠦᠷᠢᠶᠡᠨ ᠳᠡᠬᠢ ᠬᠡᠷᠡᠭ 6 ᠪᠠᠢᠵᠤ ᠂ 37.5% ᠶ᠋ᠢ ᠡᠵᠡᠯᠡᠵᠦ ᠪᠠᠢᠨ᠎ᠠ ︔ ᠪᠤᠰᠤᠳ ᠭᠦᠢᠷᠢᠢᠠ ᠴᠠᠷᠠᠨ ᠤ 3 ᠬᠡᠷᠡᠭ ᠪᠠᠶᠢᠵᠤ ᠂ 18. 8% ᠶ᠋ᠢ ᠡᠵᠡᠯᠡᠨ᠎ᠡ ᠃
︵ᠭᠤᠷᠪᠠ ︶ᠵᠠᠭᠠᠯᠳᠤᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠸᠩ ᠲᠣᠭᠣᠷᠢᠭ ᠤ᠋ᠨ ᠡᠠᠷᠠᠣᠠ ᠶ᠋ᠢᠨ ᠪᠠᠢᠴᠠᠭᠠᠬᠤ ᠬᠣᠷᠢᠢ᠎ᠠ ᠡᠷᠡᠭᠦᠦ ᠶ᠋ᠢᠨ ᠬᠡᠷᠡᠭ ᠲᠦ ᠳᠠᠭᠠᠯᠳᠤᠭᠰᠠᠨ ᠢᠷᠭᠡᠨ ᠦ ᠬᠡᠷᠡᠭᠨᠡᠢᠲᠡ ᠶ᠋ᠢᠨ ᠠᠰᠢᠭᠲᠤ ᠵᠠᠷᠭᠤ1 ᠬᠡᠷᠡᠭ ᠢ ᠵᠠᠭᠠᠯᠳᠤᠵᠤ ᠂ ᠡᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠨ ᠬᠡᠷᠡᠭ ᠪᠣᠯᠭᠠᠯᠲᠠ ᠶ᠋ᠢᠨ 6.3% ᠶ᠋ᠢ ᠡᠵᠠᠯᠠᠪᠠ ᠃
ᠲᠠᠪᠤ ᠂ ᠨᠠᠰᠤᠨ ᠳ᠋ᠤ᠌ ᠦᠯᠦ ᠬᠦᠷᠦᠭᠰᠡᠳᠡᠷᠡᠭᠦᠦ ᠵᠢᠨ ᠬᠡᠷᠡᠭᠪᠠᠶᠢᠴᠠᠭᠠᠯᠲᠠ ᠵᠢᠨ ᠭᠣᠣᠯ ᠲᠣᠭ᠎ᠠ ᠪᠠᠷᠢᠮᠲᠠ
2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠨᠠᠰᠤᠨ ᠳ᠋ᠤ᠌ ᠦᠯᠦ ᠬᠦᠷᠦᠭᠰᠡᠳᠡᠷᠬᠡ ᠠᠰᠢᠭ ᠲᠤ᠌ ᠬᠠᠯᠳᠠᠭᠰᠠᠨ ᠶᠠᠯᠠᠲᠤ ᠬᠡᠷᠡᠭ ᠦᠢᠯᠡᠳᠦᠭᠰᠡᠨ 2 ᠬᠥᠮᠦᠨ ᠢ᠋ ᠵᠠᠭᠠᠯᠳᠤᠬᠤ ᠪᠠᠷ ᠲᠣᠭᠲᠠᠵᠤ᠂ ᠠᠳᠠᠯᠢ ᠬᠤᠭᠤᠴᠠᠭᠠᠨ ᠤ᠋ ᠬᠢ ᠲᠡᠢ ᠠᠳᠠᠯᠢᠬᠠᠨ ᠪᠠᠶᠢᠪᠠ ᠃
ᠵᠢᠷᠭᠤᠭ᠎ᠠ ᠂ ᠭᠣᠮᠣᠳᠠᠯ ᠲᠣᠭᠠᠴᠢᠯᠲᠠ ᠵᠠᠭᠠᠯᠳᠤᠯᠭ᠎ᠠ ᠪᠠᠢᠴᠠᠭᠠᠬᠤ ᠠᠵᠢᠯ ᠤ᠋ᠨ ᠭᠣᠣᠯ ᠲᠣᠭ᠎ᠠ ᠪᠠᠷᠢᠮᠲᠠ
2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠡᠯ᠎ᠡ ᠲᠥᠷᠥᠯᠢᠯᠡᠴᠢᠯᠡᠨ ᠮᠡᠳᠡᠭᠦᠯᠦᠯᠲᠡ ᠂ ᠵᠠᠭᠠᠯᠳᠤᠯᠭ᠎ᠠ ᠂ ᠭᠣᠮᠣᠳᠠᠯ ᠲᠣᠭᠠᠴᠢᠯᠲᠠ ᠵᠡᠷᠭᠡ ᠵᠠᠬᠢᠳᠠᠯ ᠰᠤᠷᠪᠤᠯᠵᠢᠯᠠᠯ9 ᠬᠡᠷᠡᠭ ᠢ ᠬᠦᠯᠢᠶᠡᠨ ᠠᠪᠴᠤ ᠰᠢᠢᠳᠪᠦᠷᠢᠯᠡᠵᠦ ᠂ ᠠᠳᠠᠯᠢ ᠬᠤᠭᠤᠴᠠᠭᠠᠨ ᠤ᠋ ᠬᠢ ᠡᠴᠡ 52.63% ᠪᠠᠷ ᠪᠠᠭᠤᠷᠠᠪᠠ ︔ ᠡᠷᠡᠭᠦᠦ ᠶ᠋ᠢᠨ ᠬᠡᠷᠡᠭ ᠲᠦ ᠭᠣᠮᠣᠳᠠᠯ ᠲᠣᠭᠠᠴᠢᠭᠰᠠᠨ 1 ᠬᠡᠷᠡᠭ ᠢ ᠬᠦᠯᠢᠶᠡᠨ ᠰᠢᠢᠳᠪᠦᠷᠢᠯᠡᠵᠦ ᠂ ᠡᠠᠳᠠᠯᠢ ᠬᠤᠭᠤᠴᠠᠭᠠᠨ ᠤ᠋ ᠬᠢ ᠡᠴᠡ ᠴᠡᠪᠡᠷ ᠨᠡᠮᠡᠭᠳᠡᠪᠡ ᠃
ᠳᠣᠯᠣᠭ᠎ᠠ ᠂ ᠭᠤᠤᠯᠳᠠᠯᠭᠠᠲᠤ ᠠᠵᠢᠯ ᠤ᠋ᠨ ᠬᠡᠷᠡᠭ ᠰᠢᠢᠳᠪᠦᠷᠢᠯᠡᠯᠲᠡ ᠵᠢᠨ ᠲᠣᠭ᠎ᠠ ᠪᠠᠷᠢᠮᠲᠠ
( ᠨᠢᠭᠡ ) ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠲᠤᠰᠬᠠᠢ ᠲᠡᠮᠡᠴᠡᠯᠠᠵᠢᠯ ᠤ᠋ᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠬᠠᠷ᠎ᠠ ᠪᠦᠯᠦᠭᠲᠡᠨ ᠬᠠᠷᠭᠢᠰ ᠬᠦᠴᠦᠨ ᠦ ᠶᠠᠯᠠᠲᠤ ᠡᠲᠡᠭᠡᠳ1 ᠬᠥᠮᠦᠨ ᠢ᠋ ᠬᠢᠨᠠᠨ ᠪᠠᠶᠢᠴᠠᠭᠠᠭᠠᠳ ᠪᠠᠷᠢᠪᠴᠢᠯᠠᠬᠤ ᠶ᠋ᠢ ᠵᠥᠪᠰᠢᠶᠡᠷᠡᠵᠡᠢ ︔ ᠬᠠᠷ᠎ᠠ ᠪᠦᠯᠦᠭᠲᠡᠨ ᠦ ᠶᠠᠯ᠎ᠠ ᠬᠢᠭᠰᠡᠨ 1 ᠬᠥᠮᠦᠨ ᠢ᠋ ᠬᠢᠨᠠᠨ ᠪᠠᠶᠢᠴᠠᠭᠠᠭᠠᠳ ᠵᠠᠭᠠᠯᠳᠤᠬᠤ ᠪᠠᠷ ᠲᠣᠭᠲᠠᠭᠠᠪᠠ ᠃
( ᠬᠣᠶᠠᠷ ) ᠨᠡᠢᠲᠡ ᠶ᠋ᠢᠨ ᠪᠤᠰᠤ ᠥᠮᠴᠢᠯᠡᠯᠲᠦ ᠠᠵᠤ ᠠᠬᠤᠢ ᠳ᠋ᠤ᠌ ᠦᠢᠯᠡᠴᠢᠯᠡᠨ ᠪᠠᠲᠤᠯᠠᠭ᠎ᠠ ᠬᠠᠩᠭᠠᠬᠤ ᠠᠵᠢᠯ ᠤ᠋ᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠠ᠋ᠴᠠ ᠨᠡᠢᠲᠡ ᠶ᠋ᠢᠨ ᠪᠤᠰᠤ ᠥᠮᠴᠢᠯᠡᠯᠲᠦ ᠠᠵᠤ ᠠᠬᠤᠢ ᠶ᠋ᠢᠨ ᠬᠥᠭᠵᠢᠯᠲᠡ ᠶ᠋ᠢ ᠨᠥᠯᠥᠭᠡᠯᠡᠬᠦ ᠡᠷᠡᠭᠦᠦ ᠶ᠋ᠢᠨ ᠶᠠᠯᠠᠲᠤ ᠬᠡᠷᠡᠭ ᠦᠢᠯᠡᠳᠦᠭᠰᠡᠨ 1 ᠬᠥᠮᠦᠨ ᠢ᠋ ᠵᠠᠭᠠᠯᠳᠤᠪᠠ ᠃
( ᠭᠤᠷᠪᠠ ) ᠣᠷᠣᠨ ᠲᠤᠭᠠᠲᠤ ᠪᠠᠶᠢᠴᠠᠭᠠᠬᠤ ᠲᠤᠰᠢᠶᠠᠯᠲᠠᠨ ᠪᠣᠯᠤᠭᠰᠠᠨ ᠬᠣᠷᠢᠶᠠᠨ ᠤᠳᠤᠷᠢᠳᠤᠯᠭ᠎ᠠ ᠶ᠋ᠢᠨ ᠬᠡᠷᠡᠭ ᠰᠢᠢᠳᠪᠦᠷᠢᠯᠡᠭᠰᠡᠨ ᠪᠠᠢᠳᠠᠯ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠶ᠋ᠢᠨ ᠣᠷᠣᠨ ᠲᠤᠭᠠᠲᠤ ᠪᠠᠶᠢᠴᠠᠭᠠᠬᠤ ᠲᠤᠰᠢᠶᠠᠯᠲᠠᠨ ᠪᠣᠯᠤᠭᠰᠠᠨ ᠬᠣᠷᠢᠶᠠᠨ ᠤᠳᠤᠷᠢᠳᠤᠯᠭ᠎ᠠ ᠬᠡᠷᠡᠭ ᠰᠢᠢᠳᠪᠦᠷᠢᠯᠡᠭᠰᠡᠨ ᠨᠡᠢᠲᠡ ᠬᠡᠷᠡᠭ ᠨᠢ 49 ᠬᠡᠷᠡᠭ ᠪᠠᠶᠢᠵᠤ ᠂ ᠪᠠᠢᠴᠠᠭᠠᠬᠤ ᠳᠠᠷᠤᠭ᠎ᠠ ᠶ᠋ᠢᠨ ᠰᠢᠢᠳᠪᠦᠷᠢᠯᠡᠭᠰᠡᠨ ᠬᠡᠷᠡᠭᠲᠣᠭᠠ ᠨᠢ 8.2% ᠢ᠋ ᠡᠵᠡᠯᠡᠵᠦ ᠪᠠᠢᠨ᠎ᠠ︔ ᠳᠡᠳ᠋ ᠪᠠᠢᠴᠠᠭᠠᠬᠤ ᠳᠠᠷᠤᠭ᠎ᠠ ᠂ ᠪᠠᠢᠴᠠᠭᠠᠬᠤ ᠺᠣᠮᠢᠰ ᠤ᠋ᠨ ᠲᠤᠰᠬᠠᠢ ᠲᠤᠰᠢᠶᠠᠯᠲᠤ ᠬᠡᠰᠢᠭᠦᠨ ᠪᠠ ᠣᠷᠣᠨ ᠲᠤᠭ᠎ᠠ ᠳᠤ ᠣᠷᠣᠭᠰᠠᠨ ᠬᠣᠷᠢᠶᠠᠨ ᠤ᠋ ᠪᠤᠰᠤᠳ ᠤᠳᠤᠷᠢᠳᠤᠯᠭ᠎ᠠ ᠶ᠋ᠢᠨ ᠰᠢᠢᠳᠪᠦᠷᠢᠯᠡᠭᠰᠡᠨ ᠬᠡᠷᠡᠭᠲᠣᠭᠠ ᠨᠢ 91.8% ᠶ᠋ᠢ ᠡᠵᠡᠯᠡᠵᠦ ᠪᠠᠢᠨ᠎ᠠ ᠃ ᠡᠭᠦᠨ ᠳ᠋ᠦ᠍ ᠂ ᠪᠠᠷᠢᠪᠴᠢᠯᠠᠬᠤ ᠬᠢᠨᠠᠨ ᠪᠠᠶᠢᠴᠠᠭᠠᠬᠤ ᠲᠥᠷᠥᠯᠰᠢᠢᠳᠪᠦᠷᠢᠯᠡᠭᠰᠡᠨ ᠬᠡᠷᠡᠭ 3 ᠪᠠᠶᠢᠵᠤ ᠂ 6.1% ᠶ᠋ᠢ ᠡᠵᠡᠯᠡᠨ᠎ᠡ ︔ ᠵᠠᠭᠠᠯᠳᠤᠬᠤ ᠬᠢᠨᠠᠨ ᠪᠠᠶᠢᠴᠠᠭᠠᠭᠰᠠᠨ ᠲᠥᠷᠥᠯᠬᠡᠷᠡᠭ29 ᠪᠠᠶᠢᠵᠤ ᠂ 59.2% ᠢ᠋ ᠡᠵᠡᠯᠡᠵᠦ ᠪᠣᠢ ︔ ᠡᠷᠡᠭᠦᠦ ᠶ᠋ᠢᠨ ᠵᠠᠷᠭᠤ ᠳ᠋ᠤ᠌ ᠬᠢᠨᠠᠯᠲᠠ ᠲᠠᠯᠪᠢᠭᠰᠠᠨ ᠲᠥᠷᠥᠯᠬᠡᠷᠡᠭ 11 ᠪᠠᠢᠵᠤ ᠂ 22.4% ᠶ᠋ᠢ ᠡᠵᠡᠯᠡᠨ᠎ᠡ︔ ᠡᠷᠡᠭᠦᠦ ᠶ᠋ᠢᠨ ᠬᠡᠷᠡᠭᠭᠦᠢᠴᠡᠳᠬᠡᠯᠲᠡ ᠪᠠᠶᠢᠴᠠᠭᠠᠭᠰᠠᠨ ᠲᠣᠢᠷᠣᠯ ᠤ᠋ᠨ ᠬᠡᠷᠡᠭ 4 ᠪᠠᠶᠢᠵᠤ 8.2% ᠢ᠋ ᠡᠵᠡᠯᠡᠵᠦ ᠪᠣᠢ ︔ ᠢᠷᠭᠡᠨ ᠦ ᠪᠠ ᠵᠠᠰᠠᠭ ᠵᠠᠬᠢᠷᠭᠠᠨ ᠬᠡᠷᠡᠭ ᠢ ᠪᠠᠶᠢᠴᠠᠭᠠᠬᠤ ᠲᠤᠬᠠᠢᠯᠠᠭᠰᠠᠨ ᠡᠠᠵᠢᠯ ᠲᠥᠷᠥᠯᠬᠡᠷᠡᠭ 1 ᠪᠠᠶᠢᠵᠤ᠂ 2 % ᠶ᠋ᠢ ᠡᠵᠡᠯᠡᠨ᠎ᠡ ︔ ᠨᠡᠢᠲᠡ ᠶ᠋ᠢᠨ ᠠᠰᠢᠭᠲᠤ ᠵᠠᠷᠭᠤ ᠶ᠋ᠢᠨ ᠲᠥᠷᠥᠯᠬᠡᠷᠡᠭ 1 ᠪᠠᠶᠢᠵᠤ ᠂ 2% ᠢ᠋ ᠡᠵᠡᠯᠡᠵᠦ ᠪᠣᠢ ᠃
( ᠳᠥᠷᠪᠡ ) ᠪᠠᠢᠴᠠᠭᠠᠬᠤ ᠳᠠᠷᠤᠭ᠎ᠠ ᠠᠷᠠᠳ ᠤ᠋ᠨ ᠰᠢᠭᠦᠬᠦ ᠬᠣᠷᠢᠶᠠᠨ ᠤ᠋ ᠰᠢᠭᠦᠨ ᠲᠠᠰᠤᠯᠬᠤ ᠺᠣᠮᠢᠰ ᠤ᠋ᠨ ᠬᠤᠷᠠᠯ ᠳ᠋ᠤ᠌ ᠰᠤᠯᠠ ᠣᠷᠣᠯᠴᠠᠭᠰᠠᠨ ᠪᠠᠢᠳᠠᠯ ᠃ 2020 ᠣᠨ ᠤ᠋ 1ᠳ᠋ᠤᠭᠡᠷ ᠰᠠᠷ᠎ᠠ ᠠ᠋ᠴᠠ 3 ᠳ᠋ᠤᠭᠠᠷ ᠰᠠᠷ᠎ᠠ ᠪᠣᠯᠲᠠᠯ᠎ᠠ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶᠠᠨ ᠤ᠋ ᠪᠠᠢᠴᠠᠭᠠᠬᠤ ᠳᠠᠷᠤᠭ᠎ᠠ 1 ᠬᠥᠮᠦᠨ ᠤᠳᠠᠭ᠎ᠠ ᠰᠤᠯᠠ ᠣᠷᠣᠯᠴᠠᠵᠤ ᠂ ᠪᠠᠢᠴᠠᠭᠠᠬᠤ ᠳᠠᠷᠤᠭ᠎ᠠ ᠶ᠋ᠢᠨ ᠨᠠᠢᠳᠠᠯᠭ᠎ᠠ ᠶ᠋ᠢ ᠬᠦᠯᠢᠶᠡᠭᠰᠡᠨ ᠳᠡᠳ᠋ ᠪᠠᠢᠴᠠᠭᠠᠬᠤ ᠳᠠᠷᠤᠭ᠎ᠠ 1 ᠬᠥᠮᠦᠨ ᠤᠳᠠᠭ᠎ᠠ ᠰᠤᠯᠠ ᠣᠷᠣᠯᠴᠠᠵᠤ ᠂ 4 ᠤᠳᠠᠭ᠎ᠠ ᠵᠥᠪᠯᠡᠬᠦ ᠰᠡᠳᠦᠪ ᠭᠠᠷᠭᠠᠵᠠᠢ ᠃