ᠥᠪᠥᠷ ᠮᠣᠩᠭᠣᠯ  内蒙古

ᠭᠣᠣ ᠴᠦᠨ ᠰᠢᠶᠠᠩ ᠬᠡᠭᠡᠯᠢ ᠢᠳᠡᠭᠰᠡᠨ ᠬᠡᠷᠡᠭ ᠢ᠋ ᠲᠢᠩᠬᠢᠮ ᠨᠡᠭᠡᠭᠡᠵᠦ ᠰᠢᠭᠦᠪᠡ

2020-07-31 16:34:37


    2020 ᠣᠨ ᠤ᠋ 5  ᠳ᠋ᠤᠭᠠᠷ ᠰᠠᠷ᠎ᠠ ᠶ᠋ᠢᠨ 22 ᠤ᠋ ᠡᠳᠦᠷ ᠂ ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠠᠯᠪᠠᠨ ᠵᠠᠭᠠᠯᠳᠤᠯᠭ᠎ᠠ ᠭᠠᠷᠭᠠᠭᠰᠠᠨ ᠪᠦᠬᠦᠢ ᠳ᠋ᠦᠩᠱᠧᠩ ᠲᠣᠭᠣᠷᠢᠭ ᠤ᠋ᠨ ᠡᠬᠡ ᠨᠢᠯᠬᠠᠰ ᠤ᠋ᠨ ᠡᠷᠡᠭᠦᠯ ᠬᠠᠮᠠᠭᠠᠯᠠᠯ ᠲᠥᠯᠥᠪᠯᠡᠭᠡᠲᠦ ᠦᠷᠡᠵᠢᠯᠦᠢᠯᠡᠴᠢᠯᠡᠭᠡᠨ ᠦ᠌ ᠲᠥᠪᠤᠤᠯ ᠤ᠋ᠨ ᠡᠷᠬᠢᠯᠡᠭᠴᠢ ᠭᠣᠣ ᠴᠦᠨ ᠰᠢᠶᠠᠩ ᠤ᠋ᠨ ᠬᠠᠬᠤᠤᠯᠢ ᠢᠳᠡᠭᠰᠡᠨ ᠬᠡᠷᠡᠭ ᠢ᠋ ᠳ᠋ᠦᠩᠱᠧᠩ ᠲᠣᠭᠣᠷᠢᠭ ᠤ᠋ᠨ ᠠᠷᠠᠳ ᠤ᠋ᠨ ᠰᠢᠭᠦᠬᠦ ᠬᠣᠷᠢᠶᠠᠨ ᠳ᠋ᠤ᠌ ᠢᠯᠡ ᠪᠡᠷ ᠲᠢᠩᠬᠢᠮ ᠨᠡᠭᠡᠭᠡᠵᠦ ᠰᠢᠭᠦᠪᠡ ᠃

   ᠳ᠋ᠦᠩᠱᠧᠩ ᠲᠣᠭᠣᠷᠢᠭ ᠤ᠋ᠨ ᠠᠷᠠᠳ ᠤ᠋ᠨ ᠪᠠᠢᠴᠠᠭᠠᠬᠤ ᠬᠣᠷᠢᠶ᠎ᠠ ᠣᠷᠣᠨ ᠲᠤᠭᠠᠲᠤ  ᠪᠠᠶᠢᠴᠠᠭᠠᠬᠤ ᠲᠤᠰᠢᠶᠠᠯᠲᠠᠨ ᠶᠠᠨ ᠰᠢᠶᠠ᠂ ᠲᠤᠰᠠᠯᠠᠭᠴᠢ ᠪᠠᠶᠢᠴᠠᠭᠠᠬᠤ ᠲᠤᠰᠢᠶᠠᠯᠲᠠᠨ ᠵᠠᠩ ᠰᠢᠤᠢ ᠵᠢᠶᠠ  ᠲᠣᠮᠢᠯᠠᠨ ᠰᠢᠭᠦᠯᠲᠡ ᠳ᠋ᠦ᠍ ᠣᠷᠣᠯᠴᠠᠭᠤᠯᠤᠨ ᠠᠯᠪᠠᠨ ᠵᠠᠭᠠᠯᠳᠤᠯᠭ᠎ᠠ ᠪᠠᠨ ᠳᠡᠮᠵᠢᠪᠡ᠃ ᠳ᠋ᠦᠩᠱᠧᠩ ᠲᠣᠭᠣᠷᠢᠭ ᠤ᠋ᠨ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ᠂ ᠬᠢᠨᠠᠨ ᠪᠠᠶᠢᠴᠠᠭᠠᠬᠤ ᠵᠥᠪᠯᠡᠯ90 ᠭᠠᠷᠤᠢ ᠬᠥᠮᠦᠨ  ᠲᠢᠩᠬᠢᠮᠲᠠᠯᠠᠪᠤᠷ ᠲᠤ ᠬᠦᠷᠴᠦ ᠬᠡᠷᠡᠭᠰᠢᠭᠦᠯᠲᠡ  ᠰᠣᠨᠣᠰᠴᠠᠢ᠃ ᠬᠡᠷᠡᠭᠰᠢᠭᠦᠯᠲᠡ ᠨᠢ ᠲᠢᠩᠬᠢᠮᠪᠠᠢᠴᠠᠭᠠᠯᠲᠠ ᠂ ᠭᠡᠷᠡᠴᠢ  ᠭᠠᠷᠭᠠᠨ ᠭᠡᠷᠡᠴᠢ ᠲᠤᠯᠭᠠᠬᠤ ᠂ ᠲᠢᠩᠬᠢᠮᠮᠠᠷᠭᠤᠯᠳᠤᠭᠠᠨ ᠂ ᠵᠠᠭᠠᠯᠳᠤᠭᠳᠠᠭᠴᠢ  ᠲᠣᠭᠠᠴᠢᠯᠲᠠ ᠬᠢᠬᠦ ᠵᠡᠷᠭᠡ ᠶᠠᠪᠤᠴᠠ ᠶ᠋ᠢ ᠦᠩᠭᠡᠷᠡᠭᠡᠵᠦ ᠭᠤᠷᠪᠠᠨ ᠴᠠᠭ  ᠦᠷᠭᠦᠯᠵᠢᠯᠡᠭᠡᠳ ᠰᠢᠭᠦᠯᠲᠡ ᠳᠠᠭᠤᠰᠪᠠ ᠂ ᠬᠡᠷᠡᠭ ᠢ᠋ ᠡᠳᠦᠷ ᠰᠣᠩᠭᠣᠵᠤ ᠲᠠᠰᠤᠯᠤᠯᠲᠠ ᠭᠠᠷᠭᠠᠬᠤ ᠪᠠᠷ ᠪᠠᠢᠨ᠎ᠠ ᠃

    ᠲᠢᠩᠬᠢᠮᠰᠢᠭᠦᠯᠲᠡ ᠵᠢᠨ ᠠᠬᠤᠢ ᠲᠠᠯᠠᠪᠠᠢ

   ᠲᠢᠩᠬᠢᠮᠰᠢᠭᠦᠯᠲᠡ ᠳ᠋ᠦ᠍ ᠠᠯᠪᠠᠨ ᠵᠠᠭᠠᠯᠳᠤᠭᠴᠢ ᠠᠴᠠ ᠵᠠᠭᠠᠯᠳᠤᠬᠤ ᠪᠢᠴᠢᠭ ᠲᠦ᠍ ᠢᠯᠡᠴᠢᠯᠡᠨ ᠵᠠᠭᠠᠯᠳᠤᠭᠰᠠᠨ ᠶᠠᠯ᠎ᠠ ᠶ᠋ᠢᠨ ᠪᠣᠳᠠᠲᠤ ᠶᠠᠪᠤᠳᠠᠯ ᠤ᠋ᠨ ᠲᠣᠭᠣᠷᠢᠨ ᠳ᠋ᠤ᠌ ᠡᠯ᠎ᠡ ᠲᠥᠷᠥᠯᠭᠡᠷᠡᠴᠢ ᠪᠠᠷᠢᠮᠲᠠ ᠶ᠋ᠢ ᠪᠦᠬᠦ ᠲᠠᠯ᠎ᠠ ᠪᠠᠷ ᠭᠠᠷᠭᠠᠨ ᠦᠵᠡᠭᠦᠯᠵᠦ ᠂ ᠲᠤᠰ ᠬᠡᠷᠡᠭᠲᠤᠬᠠᠢ ᠠᠯᠪᠠᠨ ᠵᠠᠭᠠᠯᠳᠤᠯᠭ᠎ᠠ ᠶ᠋ᠢᠨ ᠰᠠᠨᠠᠯ ᠢ᠋ᠶ᠋ᠠᠨ ᠨᠡᠢᠲᠡᠯᠡᠵᠦ ᠂ ᠵᠠᠭᠠᠯᠳᠤᠭᠳᠠᠭᠴᠢ  ᠭᠣᠣ ᠴᠦᠨ ᠰᠢᠶᠠᠩ ᠶᠠᠯ᠎ᠠ ᠳ᠋ᠤ᠌ ᠬᠣᠯᠪᠣᠭᠳᠠᠭᠰᠠᠨ ᠰᠢᠯᠲᠠᠭᠠᠨ ᠪᠠ ᠬᠥᠨᠥᠭᠡᠯᠲᠦ ᠴᠢᠨᠠᠷ ᠢ᠋ ᠨᠠᠷᠢᠨ ᠵᠠᠳᠠᠯᠪᠠ ᠃

    ᠰᠢᠭᠦᠬᠦ ᠲᠢᠩᠬᠢᠮᠬᠥᠮᠦᠵᠢᠯ

   ᠠᠯᠪᠠᠨ ᠵᠠᠭᠠᠯᠳᠤᠭᠴᠢ ᠲᠤᠰ ᠬᠡᠷᠡᠭᠰᠢᠭᠦᠯᠲᠡ ᠪᠡᠷ ᠳᠠᠮᠵᠢᠭᠤᠯᠤᠨ︽ᠬᠡᠷᠡᠭ ᠢ᠋ᠶ᠋ᠡᠷ ᠬᠠᠤᠯᠢ ᠶ᠋ᠢ ᠲᠠᠢᠯᠪᠤᠷᠢᠯᠠᠬᠤ︾ᠰᠢᠭᠦᠬᠦ ᠲᠢᠩᠬᠢᠮᠬᠥᠮᠦᠵᠢᠯ ᠬᠢᠵᠦ ᠂ ᠰᠤᠯᠠ ᠰᠣᠨᠤᠰᠤᠭᠴᠢᠳ ︽ᠠᠬᠣᠢ ᠲᠠᠯᠠᠪᠤᠷ︾ᠰᠡᠷᠡᠮᠵᠢ  ᠬᠥᠮᠦᠵᠢᠯ ᠬᠦᠷᠲᠡᠵᠦ ᠂ ᠰᠢᠭᠦᠬᠦ ᠲᠢᠩᠬᠢᠮᠰᠠᠢᠨ ᠰᠠᠢᠬᠠᠨ ᠦᠷ᠎ᠡ ᠪᠦᠲᠦᠮᠵᠢ ᠣᠯᠵᠠᠢ ᠃


ᠢᠷᠡᠯᠲᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro