ᠠᠪᠠᠭ᠎ᠠ ᠬᠣᠰᠢᠭᠤᠨ ᠠᠷᠠᠳᠪᠠᠶᠢᠴᠠᠭᠠᠬᠤ ᠬᠣᠷᠢᠶᠠᠨ ᠵᠠᠭᠠᠯᠳᠤᠬᠤ ᠪᠢᠴᠢᠭ
ᠠᠪᠠᠭ᠎ᠠ ᠪᠠᠶᠢᠴᠠᠭᠠᠬᠤ ᠨᠢᠭᠡᠳᠦᠭᠡᠷ ᠬᠡᠯᠲᠡᠰ ᠡᠷᠡᠭᠦᠦ ᠵᠠᠭᠠᠯᠳᠤᠬᠤ〔2020〕8 ᠳ᠋ᠤᠭᠠᠷ ᠲᠣᠭᠠᠲᠤ
ᠵᠠᠭᠠᠯᠳᠤᠭᠳᠠᠭᠴᠢ ᠲᠡ **᠂ ᠡᠷᠡᠭᠲᠡᠢ ᠂ 1980 ᠣᠨ ** ᠰᠠᠷ᠎ᠠ ᠵᠢᠨ ** ᠡᠳᠦᠷ ᠲᠦᠷᠦᠵᠡᠢ ᠂ ᠪᠡᠶ᠎ᠡ ᠵᠢᠨ ᠦᠨᠡᠮᠯᠡᠯᠨᠣᠮᠸᠷ᠄1525221980********᠂ ᠡᠷᠦᠬᠡ ᠠᠮᠠ ᠪᠠᠶᠢᠭ᠎ᠠ ᠭᠠᠵᠠᠷ ᠄ ᠦᠪᠦᠷ ᠮᠤᠩᠭᠤᠯᠰᠢᠯᠢ ᠵᠢᠨ ᠭᠣᠣᠯ ᠠᠶᠢᠮᠠᠭ ᠤᠨ ᠠᠪᠠᠭ᠎ᠠ ᠬᠣᠰᠢᠭᠤ ᠮᠤᠩᠭᠤᠯ ᠂ ᠰᠣᠶᠤᠯ ᠦᠭᠡᠢ᠂ ᠮᠠᠯᠴᠢᠨ ᠣᠳᠤ ᠠᠪᠠᠭ᠎ᠠ ᠬᠣᠰᠢᠭᠤᠨ ** ᠰᠤᠮᠤᠨ ** ᠭᠠᠴᠠᠭᠠᠨ ᠳᠤ ᠰᠠᠭᠤᠵᠤ ᠪᠤᠢ᠂ ᠶᠠᠯᠠᠯᠠᠭᠳᠠᠵᠤ ᠦᠩᠭᠡᠷᠡᠭᠰᠡᠨ ᠦᠭᠡᠢ ᠃ 2019 ᠣᠨ 6 ᠰᠠᠷ᠎ᠠ ᠵᠢᠨ 5 ᠡᠳᠦᠷ ᠠᠶᠤᠯᠲᠠᠢ ᠵᠢᠯᠤᠭᠤᠳᠤᠭᠰᠠᠨ ᠬᠡᠷᠡᠭᠰᠡᠵᠢᠭᠯᠡᠯ ᠢᠶᠡᠷ ᠠᠪᠠᠭ᠎ᠠ ᠬᠣᠰᠢᠭᠤᠨ ᠳᠣᠲᠤᠭᠠᠳᠤ ᠬᠠᠮᠠᠭᠠᠯᠠᠬᠤ ᠲᠤᠪᠴᠢᠶᠠᠨ ᠳᠤ ᠬᠠᠤᠯᠢ ᠶᠣᠰᠤᠭᠠᠷ ᠪᠠᠲᠤᠯᠠᠭ᠎ᠠ ᠠᠪᠴᠦ ᠰᠢᠭᠦᠯᠲᠡ ᠬᠦᠯᠢᠶᠡᠬᠦ ᠭᠠᠷ ᠭᠦᠢᠴᠡᠳᠭᠡᠯ ᠬᠢᠪᠡ᠃ 2020 ᠣᠨ 6 ᠰᠠᠷ᠎ᠠ ᠵᠢᠨ 4 ᠤ ᠡᠳᠦᠷ ᠮᠠᠨ ᠬᠣᠷᠢᠶᠠᠨ ᠳᠤ ᠳᠠᠬᠢᠨᠲᠠ ᠪᠠᠲᠤᠯᠠᠭ᠎ᠠ ᠠᠪᠴᠤ ᠰᠢᠭᠦᠯᠲᠡ ᠶᠢ ᠭᠠᠷ ᠭᠦᠢᠴᠡᠳᠭᠡᠯ ᠬᠢᠪᠡ᠃
ᠲᠤᠰ ᠬᠡᠷᠡᠭ ᠢ ᠠᠪᠠᠭ᠎ᠠ ᠬᠣᠰᠢᠭᠤᠨ ᠳᠣᠲᠤᠭᠠᠳᠤ ᠬᠠᠮᠠᠭᠠᠯᠠᠬᠤ ᠪᠠᠶᠢᠴᠠᠭᠠᠵᠤ ᠳᠠᠭᠤᠰᠬᠠᠭᠠᠳ᠂ ᠵᠠᠭᠠᠯᠳᠤᠭᠳᠠᠭᠴᠢ ᠲᠡᠮᠦᠷᠪᠣᠯᠤᠳ ᠢ ᠠᠶᠤᠯᠲᠠᠢ ᠵᠢᠯᠤᠭᠤᠳᠤᠭᠰᠠᠨ ᠶᠠᠯ᠎ᠠ ᠵᠢᠨ ᠰᠡᠵᠢᠭᠯᠡᠯ ᠢᠶᠡᠷ ᠂ 2020 ᠣᠨ ᠤ 6 ᠰᠠᠷ᠎ᠠ ᠵᠢᠨ 4 ᠤ ᠡᠳᠦᠷ ᠮᠠᠨ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶ᠎ᠠ ᠬᠡᠷᠡᠭ ᠢ ᠬᠦᠯᠢᠶᠡᠨ ᠠᠪᠤᠭᠰᠠᠨ ᠳᠠᠷᠠᠭ᠎ᠠ᠂ 2020 ᠣᠨ ᠤ 6 ᠰᠠᠷ᠎ᠠ ᠵᠢᠨ 4 ᠡᠳᠦᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠪᠠ ᠶᠠᠯ᠎ᠠ ᠪᠠᠨ ᠮᠡᠳᠡᠷᠡᠵᠤ ᠰᠢᠳᠭᠡᠯ ᠢ ᠬᠦᠯᠢᠶᠡᠬᠦ ᠵᠢᠨ ᠬᠠᠤᠯᠢ ᠵᠢᠨ ᠦᠷ᠎ᠡ ᠨᠦᠯᠦᠭᠡ ᠮᠡᠳᠡᠭᠳᠡᠨ᠂ ᠬᠣᠣᠷᠯᠠᠭᠳᠠᠭᠴᠢ ᠳᠦ ᠵᠠᠷᠭᠤ ᠵᠢᠨ ᠣᠷᠤᠯᠠᠭᠴᠢ ᠨᠠᠶᠢᠳᠠᠬᠤ ᠡᠷᠬᠡ ᠲᠠᠢ ᠭᠡᠵᠤ ᠮᠡᠳᠡᠭᠳᠡᠪᠡ᠃ ᠵᠠᠭᠠᠯᠳᠤᠭᠳᠠᠭᠴᠢ ᠶᠢ ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠵᠢᠵᠢᠭᠦᠷᠯᠡᠭᠴᠢ ᠬᠠᠤᠯᠢᠴᠢ ᠵᠢᠨ ᠰᠠᠨᠠᠯ ᠢ ᠰᠣᠨᠤᠰᠴᠤ᠂ ᠪᠦᠬᠦ ᠬᠡᠷᠡᠭ ᠦᠨ ᠮᠠᠲᠸᠷᠢᠶᠠᠯ ᠢ ᠬᠢᠨᠠᠨ ᠪᠠᠶᠢᠴᠠᠭᠠᠪᠠ ᠃ ᠵᠠᠭᠠᠯᠳᠤᠭᠳᠠᠭᠴᠢ ᠲᠡ** ᠳᠦᠭᠦᠮ ᠵᠢᠷᠤᠮ ᠢ ᠬᠡᠷᠡᠭᠡᠯᠡᠵᠤ ᠰᠢᠭᠦᠨ ᠲᠠᠰᠤᠯᠬᠤ ᠵᠦᠪᠰᠢᠶᠡᠷᠡᠪᠡ᠃
ᠬᠠᠤᠯᠢ ᠶᠣᠰᠤᠭᠠᠷ ᠬᠢᠨᠠᠨ ᠪᠠᠶᠢᠴᠠᠭᠠᠵᠤ ᠲᠤᠳᠤᠯᠠᠭᠰᠠᠨ ᠨᠢ ᠄ 2019 ᠣᠨ 5 ᠰᠠᠷ᠎ᠠ ᠵᠢᠨ 21 ᠡᠲᠦᠷ 11 ᠴᠠᠭ 30 ᠮᠢᠨᠦ᠋ᠲ ᠤᠨ ᠦᠶ᠎ᠡ ᠪᠡᠷ᠂ ᠵᠠᠭᠠᠯᠳᠤᠭᠳᠠᠭᠴᠢ ᠲᠡ** ᠠᠷᠢᠬᠢᠨ ᠳᠤ ᠰᠣᠭᠲᠤᠭᠰᠠᠨ ᠳᠠᠷᠠᠭ᠎ᠠ ᠵᠢᠯᠣᠭᠤᠴᠢ ᠵᠢᠨ ᠦᠨᠡᠮᠯᠡᠯ ᠦᠭᠡᠢ ᠪᠡᠷ ᠫᠠᠶᠢᠰᠠ ᠦᠭᠡᠢ ᠬᠣᠶᠠᠷ ᠬᠦᠷᠳᠦᠲᠤ ᠮᠣᠲ᠋ᠤᠷ ᠲᠡᠷᠭᠡ ᠤᠨᠤᠨ ᠡᠮᠦᠨ᠎ᠡ ᠡᠴᠡ ᠬᠣᠶᠢᠰᠢ ᠪᠠᠨ ᠶᠠᠪᠤᠵᠤ ᠠᠪᠠᠭ᠎ᠠ ᠬᠣᠰᠢᠭᠤᠨ ᠪᠡᠯᠭᠦᠳᠡᠢ ᠪᠠᠯᠭᠠᠰᠤᠨ ᠬᠠᠮᠪᠤ ᠬᠤᠳᠠᠯᠳᠤᠭ᠎ᠠ ᠵᠢᠨ ᠪᠠᠷᠠᠭᠤᠨ ᠡᠭᠦᠳᠡ ᠬᠦᠷᠬᠦ ᠳᠦ ᠬᠣᠣᠷᠯᠠᠭᠳᠠᠭᠴᠢ ᠾᠦᠸ᠋ᠸ ** ᠦ ᠵᠢᠯᠣᠭᠤᠴᠢ ᠵᠢᠨ ᠦᠨᠡᠮᠯᠡᠯ ᠦᠭᠡᠢ ᠪᠡᠷ ᠵᠢᠯᠣᠭᠤᠳᠤᠨ ᠬᠣᠵᠢᠨ᠎ᠠ ᠠᠴᠠ ᠡᠮᠦᠨ᠎ᠡ ᠪᠡᠨ ᠶᠠᠪᠤᠵᠤ ᠵᠡᠭᠦᠨᠰᠢ ᠮᠤᠷᠤᠶᠢᠵᠤ ᠣᠷᠤᠬᠤ ᠭᠡᠰᠡᠨ蒙H****3 ᠨᠣᠮᠸᠷᠲᠤ ᠲᠠᠢ ᠮᠦᠷᠭᠦᠵᠤ᠂ ᠵᠠᠭᠠᠯᠳᠤᠭᠳᠠᠭᠴᠢ ᠲᠡ** ᠰᠢᠷᠬᠠᠳᠤᠭᠰᠠᠨ ᠪᠠ ᠬᠣᠶᠠᠷ ᠲᠡᠷᠭᠡ ᠠᠳᠠᠯᠢ ᠪᠣᠰᠤ ᠬᠡᠮᠵᠢᠶᠡᠨ ᠦ ᠡᠪᠳᠡᠷᠡᠭᠰᠡᠨ ᠵᠠᠮ ᠬᠠᠷᠢᠯᠴᠠᠭᠠᠨ ᠤ ᠭᠡᠨᠡᠳᠡᠯ ᠡᠭᠦᠰᠴᠦ᠂ ᠲᠤᠰ ᠭᠡᠨᠡᠳᠡᠯᠬᠡᠷᠡᠭ ᠲᠦ ᠵᠠᠭᠠᠯᠳᠤᠭᠳᠠᠭᠴᠢ ᠲᠡ** ᠳᠡᠳ᠋ ᠬᠠᠷᠢᠭᠤᠴᠠᠯᠭ᠎ᠠ ᠡᠭᠦᠷᠭᠡᠯᠡᠵᠤ᠂ ᠾᠦᠸ᠋ᠸ ** ᠭᠣᠣᠯ ᠬᠠᠷᠢᠭᠤᠴᠠᠯᠭ᠎ᠠ ᠡᠭᠦᠷᠭᠡᠯᠡᠨ᠎ᠡ᠃ ᠲᠡ ** ᠤᠨ ᠬᠡᠮᠵᠢᠶ᠎ᠡ 275.34 mg/100 ml ᠪᠠᠶᠢᠵᠤ᠂ ᠠᠷᠢᠬᠢᠨ ᠳᠤ ᠰᠣᠭᠲᠤᠭᠰᠠᠨ ᠳᠤ ᠲᠣᠭᠠᠴᠢᠭᠳᠠᠨ᠎ᠠ᠃
ᠳᠡᠭᠡᠷᠡᠬᠢ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ᠄ ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠵᠠᠭᠠᠯᠳᠤᠭᠳᠠᠭᠴᠢ ᠵᠢᠨ ᠪᠠᠷᠢᠭᠳᠠᠭᠰᠠᠨ ᠦᠩᠭᠡᠷᠡᠯᠲᠡ᠂ ᠡᠷᠦᠬᠡ ᠠᠮᠠ ᠵᠢᠨ ᠭᠡᠷᠡᠴᠢ᠂ ᠬᠡᠮᠵᠢᠶᠡᠨ ᠦ ᠭᠡᠷᠡᠴᠢ᠂ ᠠᠭᠤᠴᠢᠯᠠᠯᠪᠢᠴᠢᠭ᠂ ᠶᠠᠯ᠎ᠠ ᠪᠠᠨ ᠮᠡᠳᠡᠷᠡᠵᠤ ᠰᠢᠳᠭᠡᠯ ᠢ ᠬᠦᠯᠢᠶᠡᠪᠡᠯ ᠠᠭᠤᠴᠢᠯᠠᠨ ᠰᠢᠳᠭᠡᠬᠦ ᠳᠦᠷᠢᠮ ᠢ ᠬᠡᠷᠡᠭᠯᠡᠬᠦ ᠵᠦᠪᠰᠢᠶᠡᠷᠡᠬᠦ ᠰᠠᠨᠠᠯᠪᠢᠴᠢᠭ ᠵᠡᠷᠭᠡ ᠪᠢᠴᠢᠭᠭᠡᠷᠡᠴᠢ︔ ᠬᠣᠣᠷᠯᠠᠭᠳᠠᠭᠴᠢ ᠾᠦᠸ᠋ᠸ** ᠦ ᠲᠣᠭᠠᠴᠢᠯᠲᠠ︔ ᠭᠡᠷᠡᠴᠢᠯᠡᠭᠴᠢ ᠾᠦᠸ᠋ᠸ **1 ᠭᠡᠷᠡᠴᠢ ᠦᠭᠡ︔ ᠵᠠᠮ ᠬᠠᠷᠢᠯᠴᠠᠭᠠᠨ ᠭᠡᠨᠡᠳᠡᠯ ᠢ ᠮᠠᠭᠠᠳᠯᠠᠨ ᠲᠤᠭᠲᠠᠭᠠᠭᠰᠠᠨ ᠪᠢᠴᠢᠭ᠂ ᠪᠢᠴᠢᠭ ᠪᠠᠵᠢᠨ᠎ᠠ᠃
ᠳᠡᠭᠡᠷᠡᠬᠢ ᠭᠡᠷᠡᠴᠢ ᠪᠠᠷᠢᠮᠳᠠ ᠴᠤᠭᠯᠠᠭᠤᠯᠤᠭᠰᠠᠨ ᠵᠢᠷᠤᠮ ᠨᠢ ᠬᠠᠤᠯᠢ ᠵᠢᠨ ᠲᠤᠭᠲᠠᠭᠠᠯ ᠳᠤ ᠨᠡᠶᠢᠴᠡᠵᠤ᠂ ᠠᠭᠤᠯᠭ᠎ᠠ ᠨᠢ ᠪᠣᠰᠤᠳᠴᠢ ᠦᠨᠡᠨ ᠪᠣᠳᠠᠲᠠᠢ᠂ ᠵᠠᠭᠠᠯᠳᠤᠭᠰᠠᠨ ᠶᠠᠯᠠᠲᠤ ᠬᠡᠷᠡᠭ ᠢ ᠭᠡᠷᠡᠴᠢᠯᠡᠵᠤ ᠳᠡᠶᠢᠯᠦᠨ᠎ᠡ᠃ ᠵᠠᠭᠠᠯᠳᠤᠭᠳᠠᠭᠴᠢ ᠲᠡ** ᠵᠠᠭᠠᠯᠳᠤᠭᠰᠠᠨ ᠶᠠᠯᠠᠲᠤ ᠬᠡᠷᠡᠭ ᠪᠠ ᠭᠡᠷᠡᠴᠢ ᠪᠠᠷᠢᠮᠳᠠ ᠳᠤ ᠰᠠᠨᠠᠯ ᠦᠭᠡᠢ᠂ ᠰᠠᠵᠢᠨ ᠳᠤᠷ᠎ᠠ ᠠᠴᠠ ᠪᠠᠨ ᠶᠠᠯ᠎ᠠ ᠪᠠᠨ ᠮᠡᠳᠡᠷᠡᠵᠤ᠂ ᠰᠢᠳᠭᠡᠯ ᠢ ᠬᠦᠯᠢᠶᠡᠨ᠎ᠡ᠃
ᠲᠡ** ᠬᠠᠶᠢᠬᠤᠷᠬᠤ ᠦᠭᠡᠢ ᠰᠣᠭᠲᠤᠭᠤ ᠪᠠᠷ ︽ ︾ ︽ ︾ ᠵᠢᠷᠭᠤᠳᠤᠭᠠᠷ ᠨᠢᠭᠡᠳᠦᠭᠡᠷ ᠵᠣᠷᠪᠤᠰ
ᠡᠭᠦᠨ ᠦ ᠲᠤᠯᠠ
ᠠᠪᠠᠭ᠎ᠠ ᠬᠣᠰᠢᠭᠤᠨ ᠠᠷᠠᠳᠰᠢᠬᠦᠬᠦ ᠬᠣᠷᠢᠶᠠᠨ ᠳᠤ
ᠪᠠᠶᠢᠴᠠᠭᠠᠭᠴᠢ ᠄ ᠾᠦᠸ᠋ᠸ ᠲᠠᠨ᠎ᠠ
2020 ᠤᠨ 6 ᠰᠠᠷ᠎ᠠ ᠵᠢᠨ 18 ᠡᠳᠦᠷ
ᠲᠠᠭᠠᠯᠳᠤᠭᠤᠯᠤᠯ ᠄
1. ᠵᠠᠭᠠᠯᠳᠤᠭᠳᠠᠭᠴᠢ ᠲᠡ** ᠠᠪᠠᠭ᠎ᠠ ᠬᠣᠰᠢᠭᠤᠨ ** ᠰᠤᠮᠤᠨ **ᠭᠠᠴᠠᠭᠠᠨ ᠭᠡᠷ ᠲᠦ ᠪᠡᠨ ᠪᠠᠲᠤᠯᠠᠭ᠎ᠠ ᠠᠪᠴᠦ ᠰᠢᠭᠦᠯᠲᠡ ᠬᠦᠯᠢᠶᠡᠵᠤ ᠪᠠᠵᠢᠨ᠎ᠠ᠃
2. ᠬᠡᠷᠡᠭᠡᠪᠬᠡᠮᠡᠯ ᠬᠣᠶᠠᠷ ᠪᠣᠳᠢ᠃
3 . ᠶᠠᠯ᠎ᠠ ᠪᠠᠨ ᠮᠡᠳᠡᠷᠡᠨ ᠰᠢᠳᠭᠡᠯ ᠢ ᠬᠦᠯᠢᠶᠡᠵᠤ ᠭᠡᠮᠰᠢᠨ ᠤᠬᠠᠭᠠᠷᠠᠬᠤ ᠪᠠᠲᠤᠯᠠᠭ᠎ᠠ ᠵᠢᠨ ᠪᠢᠴᠢᠭ ᠨᠢᠭᠡ ᠬᠤᠪᠢ᠃
4. ᠡᠷᠡᠭᠦᠦ ᠣᠨᠤᠭᠳᠠᠭᠤᠯᠬᠤ ᠰᠠᠨᠠᠭᠤᠯᠭ᠎ᠠ ᠵᠢᠨ ᠪᠢᠴᠢᠭ ᠬᠣᠶᠠᠷ ᠬᠤᠪᠢ᠃