ᠥᠪᠥᠷ ᠮᠣᠩᠭᠣᠯ  内蒙古

ᠦᠪᠦᠷ ᠮᠤᠩᠭᠤᠯᠪᠠᠶᠠᠨᠨᠠᠭᠣᠷ ᠬᠣᠳᠠ ᠵᠢᠨ ᠣᠷᠠᠳᠬᠣᠶᠢᠳᠣ ᠬᠣᠰᠢᠭᠣᠨ  ᠠᠷᠠᠳᠪᠠᠶᠢᠴᠠᠭᠠᠬᠤ ᠬᠤᠷᠢᠶ᠎ᠠ  ᠵᠢᠨ ᠵᠠᠭᠠᠯᠳᠤᠬᠤ ᠪᠢᠴᠢᠭ

2021-10-27 15:08:32

 ᠦᠪᠦᠷ ᠮᠤᠩᠭᠤᠯᠪᠠᠶᠠᠨᠨᠠᠭᠣᠷ ᠬᠣᠳᠠ ᠵᠢᠨ ᠣᠷᠠᠳᠬᠣᠶᠢᠳᠣ ᠬᠣᠰᠢᠭᠣᠨ  ᠠᠷᠠᠳᠪᠠᠶᠢᠴᠠᠭᠠᠬᠤ ᠬᠤᠷᠢᠶ᠎ᠠ  ᠵᠢᠨ  ᠵᠠᠭᠠᠯᠳᠤᠬᠤ   ᠪᠢᠴᠢᠭ


                 

                           ᠣᠷᠠᠳ ᠬᠣᠶᠢᠳᠣ  ᠪᠠᠶᠢᠴᠠᠭᠠᠬᠣ ᠡᠷᠡᠭᠦᠦ ᠵᠠᠭᠠᠯᠳᠣᠬᠣ ‍[2020] 7ᠲᠣᠭᠠᠳᠣ

    ᠵᠠᠭᠠᠯᠳᠣᠬᠳᠠᠬᠴᠢ ᠭᠠᠩ** ᠡᠷᠡᠭᠳᠠᠢ᠂ 1980ᠣᠨ ᠤ**ᠰᠠᠷ᠎ᠠ ᠵᠢᠨ**   ᠡᠲᠦᠷ ᠲᠦᠷᠦᠵᠠᠢ᠂ ᠢᠷᠭᠡᠨ ᠦ ᠪᠡᠶ᠎ᠡ  ᠵᠢᠨ ᠦᠨᠡᠮᠯᠡᠯᠨᠤᠮᠧᠷ 1528261980********ᠮᠤᠩᠭᠣᠯ ᠦᠨᠳᠣᠰᠦᠳᠡᠨ᠂  ᠪᠠᠭ᠎ᠠ ᠰᠤᠷᠭᠠᠭᠤᠯᠢ ᠵᠢᠨ ᠰᠤᠶᠤᠯᠬᠡᠮᠵᠢᠶ᠎ᠡ ᠲᠠᠢ᠂ ᠮᠠᠯᠴᠢᠨ᠂ ᠰᠠᠭᠤᠭ᠎ᠠ ᠭᠠᠵᠠᠷ ᠄ ᠣᠷᠠᠳᠬᠤᠶᠢᠲᠤ ᠬᠤᠰᠢᠭᠤᠨ  ** ᠰᠣᠮᠣᠨ ᠤ** ᠭᠠᠴᠠᠭᠠᠨ ᠤ** ᠳ᠋ᠤᠭᠠᠷ ᠨᠤᠮᠧᠷ ︵ᠣᠳᠣ ᠣᠷᠠᠳᠬᠤᠶᠢᠲᠤ ᠬᠤᠰᠢᠭᠤᠨ  ** ᠪᠠᠯᠭᠠᠰᠣᠨ  **ᠰᠠᠭᠣᠭᠠᠯᠢ ᠲᠣᠭᠣᠷᠢᠭ ᠲᠤ ᠰᠠᠭᠣᠵᠣ ᠪᠣᠢ︶᠂ᠡᠷᠡᠭᠦᠦ ᠰᠢᠳᠭᠡᠯ ᠬᠦᠷᠳᠡᠵᠤ ᠦᠩᠭᠡᠷᠡᠭᠰᠡᠨ ᠦᠭᠡᠢ᠃ᠠᠶᠣᠯᠳᠠᠢ ᠲᠠᠢ ᠪᠠᠷ ᠲᠡᠷᠭᠡ ᠵᠢᠯᠤᠭᠤᠳᠤᠬᠰᠠᠨ ᠶᠠᠯ᠎ᠠ ᠬᠢᠭᠰᠡᠨ ᠢᠶᠡᠷ ᠰᠠᠵᠢᠭ᠍ᠯᠡᠭᠳᠡᠵᠤ᠂2019ᠤᠨ10 ᠰᠠᠷ᠎ᠠ24 ᠤ  ᠡᠳᠦᠷ ᠣᠷᠠᠳ ᠬᠣᠶᠢᠳᠣ ᠬᠣᠰᠢᠭᠣᠨ  ᠲᠣᠳᠣᠭᠠᠳᠣ  ᠬᠠᠮᠠᠭᠠᠯᠠᠬᠣ ᠲᠣᠪᠴᠢᠶ᠎ᠠ ᠪᠠᠳᠣᠯᠠᠭ᠎ᠠ ᠠᠪᠴᠤ ᠰᠢᠭᠦᠭᠦ   ᠬᠦᠯᠢᠶᠡᠯᠭᠡᠵᠤ᠂2020 ᠣᠨ ᠤ2 ᠰᠠᠷ᠎ᠠ ᠵᠢᠨ23   ᠡᠲᠦᠷ ᠮᠠᠨ  ᠬᠣᠷᠢᠶ᠎ᠠ ᠪᠠᠷ ᠪᠠᠳᠣᠯᠠᠭ᠎ᠠ ᠠᠪᠴᠤ ᠰᠢᠭᠦᠭᠦ   ᠬᠦᠯᠢᠶᠡᠯᠭᠡᠵᠤ ᠂ ᠣᠷᠠᠳᠬᠣᠶᠢᠳᠣ ᠬᠣᠰᠢᠭᠣᠨ  ᠲᠣᠳᠣᠭᠠᠳᠣ  ᠬᠠᠮᠠᠭᠠᠯᠠᠬᠣ ᠲᠣᠪᠴᠢᠶ᠎ᠠ ᠪᠠᠷ ᠭᠦᠢᠴᠡᠳᠭᠡᠯᠭᠡᠪᠡ᠃

 ᠲᠣᠰ ᠬᠡᠷᠡᠭ  ᠢ ᠣᠷᠠᠳ   ᠤᠨ ᠬᠣᠶᠢᠳᠣ ᠬᠣᠰᠢᠭᠣᠨ ᠦ ᠲᠣᠳᠣᠭᠠᠳᠣ  ᠶᠢ ᠬᠠᠮᠠᠭᠠᠯᠠᠬᠣ ᠲᠣᠪᠴᠢᠶ᠎ᠠ ᠲᠤᠷᠰᠢᠨ ᠪᠠᠶᠢᠴᠠᠭᠠᠨ ᠲᠠᠭᠤᠰᠬᠠᠵᠤ ᠂ ᠵᠠᠭᠠᠯᠳᠣᠬᠳᠠᠬᠴᠢ ᠭᠠᠩ**ᠠᠶᠣᠯᠳᠠᠢ ᠪᠠᠷ ᠲᠡᠷᠭᠡ ᠵᠢᠯᠣᠭᠣᠳᠣᠬᠰᠠᠨ ᠶᠠᠯ᠎ᠠᠬᠢᠭᠰᠡᠨ  ᠢᠶᠡᠷ ᠰᠡᠵᠢᠭᠯᠡᠭᠳᠡᠵᠦ᠂2020ᠣᠨ ᠤ2 ᠰᠠᠷ᠎ᠠ  ᠵᠢᠨ23  ᠤ ᠡᠳᠦᠷ ᠲᠣᠰ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ ᠃ ᠲᠣᠰ ᠬᠣᠷᠢᠶ᠎ᠠ ᠬᠦᠯᠢᠶᠡᠨ ᠠᠪᠣᠬᠰᠠᠨ ᠦ ᠲᠠᠷᠠᠭ᠎ᠠ᠂ 2020ᠣᠨ2ᠰᠠᠷ᠎ᠠ  ᠵᠢᠨ26  ᠦ ᠡᠳᠦᠷ ᠵᠠᠭᠠᠯᠳᠣᠬᠳᠠᠬᠴᠢ ᠳᠤ ᠦᠮᠦᠭᠡᠯᠡᠭᠴᠢ ᠨᠠᠶᠢᠳᠠᠬᠣ ᠡᠷᠬᠡ ᠲᠠᠢ  ᠪᠠ ᠶᠠᠯ᠎ᠠ ᠪᠠᠨ ᠮᠡᠳᠡᠷᠡᠵᠤ ᠰᠢᠳᠭᠡᠯ ᠬᠦᠯᠢᠶᠡᠪᠡᠯ ᠡᠭᠦᠰᠴᠦ ᠮᠡᠳᠡᠬᠦ ᠬᠠᠤᠯᠢ ᠴᠠᠭᠠᠵᠠ ᠵᠢᠨ ᠦᠷ᠎ᠡ  ᠳ᠋ᠦᠩ ᠢ ᠮᠡᠳᠡᠭᠳᠡᠵᠦ᠂ ᠬᠠᠣᠯᠢ ᠶᠣᠰᠣᠭᠠᠷ ᠵᠠᠭᠠᠯᠳᠣᠬᠳᠠᠬᠴᠢ  ᠰᠢᠭᠦᠨ ᠠᠰᠠᠭᠣᠵᠣ᠂ ᠪᠦᠬᠦ ᠬᠡᠷᠡᠭ  ᠤᠨ ᠮᠠᠲ᠋ᠧᠷᠢᠶᠠᠯ  ᠢ ᠬᠢᠨᠠᠨ ᠪᠠᠶᠢᠴᠠᠭᠠᠪᠠ᠃ ᠵᠠᠭᠠᠯᠳᠣᠬᠳᠠᠬᠴᠢ ᠭᠠᠩ** ᠲᠣᠰ ᠭᠡᠷᠡᠭ ᠢ ᠲᠦᠭᠦᠮ ᠵᠢᠷᠦᠮ ᠢᠶᠡᠷ ᠰᠢᠭᠦᠯᠳᠡ ᠬᠢᠬᠦ  ᠵᠦᠪᠰᠢᠶᠡᠷᠡᠪᠡ᠃

      ᠬᠠᠤᠯᠢ ᠶᠤᠰᠤᠭᠠᠷ ᠬᠢᠨᠠᠨ ᠪᠠᠶᠢᠴᠠᠭᠠᠭᠠᠳ ᠲᠤᠳᠤᠯᠠᠭᠰᠠᠨ ᠨᠢ ᠄ 

      ᠵᠠᠭᠠᠯᠳᠣᠬᠳᠠᠬᠴᠢ ᠭᠠᠩ** 2019ᠣᠨ  10  ᠰᠠᠷ᠎ᠠ ᠵᠢᠨ13   ᠡᠳᠦᠷᠣᠷᠣᠢ ᠵᠢᠨ21 ᠴᠠᠭ ᠭᠠᠷᠣᠢ ᠡᠴᠡ14  ᠦᠷᠯᠦᠭᠡ ᠤᠨ4 ᠴᠠᠭ ᠭᠠᠷᠣᠢ ᠪᠣᠯᠳᠠᠯ᠎ᠠ ᠣᠷᠠᠳᠬᠤᠶᠢᠲᠤ ᠬᠤᠰᠢᠭᠤᠨ  **ᠪᠠᠯᠭᠠᠰᠣᠨ  ** ᠰᠠᠭᠣᠭᠠᠯᠢ ᠲᠣᠭᠣᠷᠢᠭ ᠲᠤ ᠪᠠᠶᠢᠭ᠎ᠠ ᠭᠡᠷ ᠲᠡᠭᠡᠨ ᠠᠷᠢᠬᠢ ᠣᠣᠭᠣᠵᠣ᠂ ᠦᠷᠯᠦᠭᠡ ᠵᠢᠨ08 ᠴᠠᠭ40 ᠮᠢᠨᠦ᠋ᠲᠣᠷᠴᠢᠮ ᠢᠶᠠᠷ ᠵᠠᠭᠠᠯᠳᠣᠬᠳᠠᠬᠴᠢ ᠭᠠᠩ** ᠲᠡᠷᠭᠡᠨ ᠨᠣᠮᠧᠷ  ᠦᠭᠡᠢ ᠮᠣᠲ᠋ᠣᠷ ᠤᠨᠤᠨ ᠭᠡᠷ ᠡᠴᠡ ᠪᠡᠨ ᠭᠠᠷᠣᠨ ᠣᠷᠠᠳ  ᠤᠨ ᠬᠣᠶᠢᠳᠣ ᠬᠣᠰᠢᠭᠣᠨ ᠦ ᠲᠣᠳᠣᠭᠠᠳᠣ  ᠶᠢ ᠬᠠᠮᠠᠭᠠᠯᠠᠬᠣ  ᠲᠤᠪᠴᠢᠶᠠᠨ   ᠴᠣᠬᠦ᠌ᠨᠳᠦᠷ  ᠪᠠᠯᠭᠠᠰᠣᠨ  ᠳ᠋ᠡᠬᠢ ᠲᠤᠮᠢᠯᠠᠭᠰᠠᠨ ᠰᠠᠯᠪᠦᠷᠢ ᠳᠤ ᠤᠴᠢᠵᠤ ᠂ ᠨᠢᠳᠤᠨᠤᠨ   ᠮᠣᠲ᠋ᠣᠷ  ᠭᠡᠭᠡᠭᠰᠡᠨ ᠤᠴᠢᠷᠲᠣᠬᠠᠢ ᠰᠠᠯᠪᠦᠷᠢ ᠵᠢᠨ ᠴᠠᠬᠳᠠᠭ᠎ᠠ  ᠬᠠᠷᠢᠶᠠᠪᠠ᠃ ᠰᠠᠯᠪᠦᠷᠢ ᠵᠢᠨ ᠴᠠᠭᠳᠠᠭ᠎ᠠ ᠭᠠᠩ**  ᠢ  ᠠᠷᠢᠬᠢ ᠤᠤᠭᠤᠵᠤ ᠲᠡᠷᠭᠡ  ᠵᠢᠯᠤᠭᠤᠳᠤᠭᠰᠠᠨ ᠢᠶᠠᠷ ᠰᠡᠵᠢᠭᠯᠡᠵᠦ᠂ ᠣᠷᠠᠳ   ᠤᠨ ᠬᠣᠶᠢᠳᠣ ᠬᠣᠰᠢᠭᠣᠨ ᠦ ᠵᠠᠮ ᠬᠠᠷᠢᠯᠴᠠᠭᠠᠨ  ᠴᠠᠭᠳᠠᠭ᠎ᠠ ᠵᠢᠨ ᠶᠠᠭᠡ ᠠᠩᠭᠢ ᠵᠢᠨ ᠴᠠᠭᠳᠠᠨ ᠲᠤᠭᠤᠷᠢᠬᠤ ᠬᠤᠶᠠᠳᠤᠭᠠᠷ ᠳᠤᠮᠳᠠ ᠠᠩᠭᠢ ᠳ᠋ᠦ ᠬᠡᠷᠡᠭ ᠮᠡᠳᠡᠭᠦᠯᠪᠡ᠃ ᠵᠠᠮ ᠬᠠᠷᠢᠯᠴᠠᠭᠠᠨ  ᠴᠠᠭᠳᠠᠭ᠎ᠠ ᠬᠠᠤᠯᠢ ᠶᠤᠰᠤᠭᠠᠷ ᠵᠠᠭᠠᠯᠳᠣᠬᠳᠠᠬᠴᠢ ᠭᠠᠩ** ᠢ ᠣᠷᠠᠳ   ᠤᠨ ᠬᠣᠶᠢᠳᠣ ᠬᠣᠰᠢᠭᠣᠨ ᠦ ᠡᠮᠨᠡᠯᠭᠡ ᠵᠢᠨ  ᠬᠤᠷᠢᠶᠠᠨ ᠳ᠋ᠦ ᠲᠠᠭᠠᠭᠣᠯᠣᠨ ᠠᠪᠠᠴᠢᠵᠤ ᠲᠡᠭᠦᠨ ᠦ ᠴᠢᠰᠤᠨ  ᠦᠯᠢᠭᠡᠷ ᠢ ᠠᠪᠤᠪᠠ᠃ ᠪᠠᠶᠠᠨᠨᠠᠭᠣᠷ ᠬᠣᠳᠠ ᠵᠢᠨ ᠵᠢᠨ ᠴᠢᠶᠣᠣ ᠬᠠᠣᠯᠢ ᠴᠠᠭᠠᠵᠠ ᠵᠢᠨ ᠰᠢᠯᠭᠠᠨ ᠲᠣᠬᠳᠠᠭᠠᠯᠭᠠᠵᠠᠷ ᠰᠢᠯᠭᠠᠨ ᠲᠣᠬᠳᠠᠭᠠᠬᠰᠠᠨ ᠢᠶᠠᠷ᠂ ᠭᠠᠩ**  ᠵᠢᠨ100mlᠴᠢᠰᠦᠨ ᠰᠢᠩᠭᠡᠨ ᠪᠦᠷᠢ ᠳᠦ263.7mgᠡᠲ᠋ᠢᠯ ᠠᠯᠺᠣᠣᠯ ᠠᠭᠣᠯᠣᠬᠳᠠᠵᠤ᠂ ᠰᠣᠬᠳᠣᠭᠣ ᠪᠠᠷ ᠲᠡᠷᠭᠡ ᠵᠢᠯᠤᠭᠤᠳᠣᠬᠰᠠᠨ ᠳᠤ ᠲᠣᠭᠠᠴᠠᠬᠳᠠᠨ᠎ᠠ ᠃ 

 ᠲᠡᠭᠡᠷ᠎ᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠨᠢ ᠲᠤᠤᠷᠠᠬᠢ ᠮᠡᠳᠦ ᠄ 

1᠂ ᠬᠡᠷᠡᠭ ᠪᠣᠯᠭᠠᠬᠰᠠᠨ ᠲᠣᠬᠳᠠᠭᠠᠯ  ᠤᠨ ᠪᠢᠴᠢᠭ᠂ ᠪᠠᠳᠣᠯᠠᠭ᠎ᠠ ᠠᠪᠴᠤ ᠰᠢᠭᠦᠯᠳᠡ ᠬᠦᠯᠢᠶᠡᠯᠭᠡᠬᠦ ᠵᠡᠷᠭᠡ ᠪᠢᠴᠢᠭ ᠤᠨ ᠭᠡᠷᠡᠴᠢ︔ 2.ᠭᠡᠷᠡᠴᠢᠯᠡᠭᠴᠢ ᠮᠦ** ᠵᠢᠨ ᠭᠡᠷᠡᠴᠢ ᠦᠭᠡ︔ 3᠂ ᠵᠠᠭᠠᠯᠳᠣᠬᠳᠠᠬᠴᠢ ᠭᠠᠩ** ‍ᠦᠴᠢᠭᠯᠡᠯᠳᠡ ᠪᠠ ᠵᠦᠪᠳᠦᠭᠡᠯᠳᠡ︔  4᠂  ᠡᠲ᠋ᠢᠯ ᠠᠯᠺᠣᠣᠯ   ᠤᠨ ᠠᠭᠣᠯᠣᠬᠳᠠᠬᠴᠠ ᠵᠢᠨ ᠬᠡᠮᠵᠢᠶ᠎ᠡ ᠵᠢᠨ ᠰᠢᠯᠭᠠᠨ ᠲᠣᠬᠳᠠᠭᠠᠯᠳᠠ ᠵᠢᠨ ᠰᠠᠨᠠᠯ︔  5᠂ ᠲᠣᠬᠠᠢ ᠵᠢᠨ ᠲᠠᠯᠠᠪᠤᠷ  ᠤᠨ ᠰᠡᠭᠦᠳᠡᠷ ᠵᠡᠷᠭᠡ ᠭᠡᠷᠡᠴᠢ᠃

ᠲᠡᠭᠡᠷ᠎ᠡ ᠲᠣᠷᠠᠳᠣᠬᠰᠠᠨ ᠭᠡᠷᠡᠴᠢ  ᠪᠠᠷᠢᠮᠳᠠ   ᠴᠣᠬᠯᠠᠭᠣᠯᠣᠬᠰᠠᠨ ᠵᠢᠷᠦᠮ ᠨᠢ ᠬᠠᠣᠯᠢ ᠳᠤ ᠨᠡᠶᠢᠴᠡᠨ᠎ᠡ᠂ ᠠᠭᠣᠯᠭ᠎ᠠ ᠨᠢ ᠪᠣᠰᠣᠳᠴᠢ ᠪᠦᠭᠡᠳ ᠦᠨᠡᠨ ᠪᠣᠳᠠᠳᠠᠢ᠂ ᠵᠠᠭᠠᠯᠳᠣᠬᠰᠠᠨ ᠪᠣᠳᠠᠳᠣ ᠶᠠᠪᠣᠳᠠᠯ ᠢ ᠭᠦᠢᠴᠡᠳ ᠮᠠᠭᠠᠳᠯᠠᠨ ᠲᠣᠬᠳᠠᠭᠠᠵᠣ ᠲᠡᠶᠢᠯᠦᠨ᠎ᠡ᠃ ᠵᠠᠭᠠᠯᠳᠣᠬᠳᠠᠬᠴᠢ ᠭᠠᠩ** ᠵᠠᠭᠠᠯᠳᠣᠬᠰᠠᠨ ᠪᠣᠳᠠᠳᠣ ᠬᠡᠷᠡᠭ ᠪᠣᠯᠣᠨ ᠭᠡᠷᠡᠴᠢ ᠪᠠᠷᠢᠮᠳᠠ ᠳᠤ ᠣᠨᠳᠣᠣ ᠰᠠᠨᠠᠯ ᠦᠭᠡᠢ᠂ ᠮᠦᠨ ᠦᠪᠡᠷᠰᠠᠵᠢᠨ ᠲᠣᠷ᠎ᠠ ᠠᠴᠠ ᠪᠠᠨ ᠶᠠᠯ᠎ᠠ ᠪᠠᠨ ᠮᠡᠳᠡᠷᠡᠵᠤ ᠰᠢᠳᠭᠡᠯ ᠬᠦᠯᠢᠶᠡᠪᠡ᠃

 ᠲᠣᠰ ᠬᠣᠷᠢᠶᠠᠨ ᠤ ᠦᠵᠡᠬᠦ ᠪᠡᠷ᠂ ᠵᠠᠭᠠᠯᠳᠣᠬᠳᠠᠬᠴᠢ ᠭᠠᠩ** ᠰᠣᠬᠳᠣᠭᠣ  ᠪᠠᠷ ᠲᠡᠷᠭᠡᠨ ᠨᠣᠮᠧᠷ ᠦᠭᠡᠢ ᠮᠠᠰᠢᠨ ᠲᠡᠷᠭᠡ ᠵᠢᠯᠤᠭᠤᠳᠤᠨ ᠵᠠᠮ ᠲᠡᠬᠡᠷ᠎ᠡ  ᠶᠠᠪᠤᠭᠰᠠᠨ ᠦᠢᠯᠡ ᠠᠵᠢᠯᠯᠠᠭ᠎ᠠ ᠨᠢ ︽ ᠪᠦᠭᠦᠳᠡ ᠨᠠᠶᠢᠷᠠᠮᠳᠠᠬᠣ ᠲᠣᠮᠳᠠᠳᠣ ᠠᠷᠠᠳ ᠣᠯᠤᠰ  ᠤᠨ ᠡᠷᠡᠭᠦᠦ  ᠵᠢᠨ ᠬᠠᠣᠯᠢ︾  ᠵᠢᠨ ᠨᠢᠭᠡ ᠵᠠᠭᠤ ᠭᠣᠴᠢᠨ ᠭᠣᠷᠪᠠᠳᠣᠭᠠᠷ ᠵᠣᠷᠪᠣᠰ  ᠤᠨ ᠨᠢᠭᠡ ᠵᠢᠨ ᠨᠢᠭᠡᠳᠦᠭᠡᠷ ᠪᠠᠳᠠᠭ︵ᠬᠤᠶᠠᠳᠤᠭᠠᠷ︶ ᠵᠦᠢᠯ   ᠤᠨ ᠲᠣᠬᠳᠠᠭᠠᠯ  ᠳᠤ ᠬᠠᠯᠳᠠᠵᠤ ᠂ ᠶᠠᠯ᠎ᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠣᠳᠠᠳᠠᠢ ᠪᠦᠷᠢᠨ ᠭᠦᠢᠴᠡᠳ ᠪᠤᠯᠬᠤᠷ ᠂ ᠠᠶᠣᠯᠳᠠᠢ ᠪᠠᠷ ᠲᠡᠷᠭᠡ ᠵᠢᠯᠣᠭᠣᠳᠣᠬᠰᠠᠨ ᠶᠠᠯ᠎ᠠ ᠪᠠᠷ ᠲᠡᠭᠦᠨ  ᠤ ᠡᠷᠡᠭᠦᠦ  ᠵᠢᠨ ᠬᠠᠷᠢᠭᠤᠴᠠᠯᠭ᠎ᠠ ᠶᠢ ᠨᠢ ᠨᠡᠭᠡᠮᠵᠢᠯᠡᠬᠦ ᠶᠤᠰᠤᠳᠠᠢ ᠃ ᠬᠡᠷᠡᠭᠲᠠᠷᠠᠭ᠎ᠠ ᠵᠠᠭᠠᠯᠳᠣᠬᠳᠠᠬᠴᠢ ᠭᠠᠩ** ᠦᠪᠡᠷᠶᠠᠯᠠᠳᠣ ᠠᠵᠢᠯᠯᠠᠭ᠎ᠠ ᠪᠠᠨ ᠦᠨᠡᠨ ᠮᠦᠨ ᠢᠶᠡᠷ ᠦᠴᠢᠭᠯᠡᠪᠡ᠂ ᠵᠠᠭᠠᠯᠳᠤᠭᠳᠠᠭᠴᠢ ᠭᠠᠩ** ᠢ ᠬᠣᠶᠠᠷ ᠰᠠᠷ᠎ᠠ  ᠵᠢᠨ ᠬᠣᠭᠣᠴᠠᠭ᠎ᠠ ᠲᠠᠢ ᠬᠣᠷᠢᠵᠤ ᠬᠦᠳᠡᠯᠮᠦᠷᠢᠯᠡᠭᠦᠯᠬᠦ ᠵᠢᠨ ᠲᠠᠭᠠᠤ ᠭᠣᠷᠪᠠᠨ ᠮᠢᠩᠭᠠᠨ ᠵᠤᠭᠤᠰ ᠢᠶᠠᠷ ᠲᠣᠷᠭᠠᠬᠣ ᠪᠠᠷ ᠨᠡᠶᠢᠯᠡᠭᠦᠯᠦᠨ ᠰᠢᠳᠭᠡᠬᠦ ᠰᠠᠨᠠᠭᠣᠯᠭ᠎ᠠ ᠲᠣᠷᠠᠳᠣᠶ᠎ᠠ ᠃  ᠮᠦᠨ ᠴᠦ ᠲᠦᠭᠦᠮ ᠵᠢᠷᠦᠮ ᠢ ᠲᠣᠬᠢᠷᠠᠭᠣᠯᠣᠨ ᠬᠡᠷᠡᠭᠯᠡᠬᠦ  ᠰᠠᠨᠠᠭᠣᠯᠣᠶ᠎ᠠ ᠃ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠣᠯᠣᠰ ᠤᠨ ᠡᠷᠡᠭᠦᠦ ᠵᠢᠨ ᠵᠠᠷᠭᠤ ᠵᠢᠨ ᠬᠠᠤᠯᠢ︾  ᠵᠢᠨ ᠵᠠᠭᠤ ᠲᠠᠯᠠᠨ ᠵᠢᠷᠭᠣᠳᠣᠭᠠᠷ ᠵᠣᠷᠪᠣᠰ  ᠤᠨ ᠨᠢᠭᠡᠳᠦᠭᠡᠷ ᠪᠠᠳᠠᠭ ᠤᠨ ᠲᠤᠭᠳᠠᠭᠠᠯ ᠢ ᠦᠨᠳᠦᠰᠦᠯᠡᠵᠦ ᠂ ᠠᠯᠪᠠᠨ ᠵᠠᠭᠠᠯᠳᠤᠯᠭ᠎ᠠ ᠭᠠᠷᠭᠠᠪᠠ ᠃ ᠬᠠᠤᠯᠢ ᠶᠤᠰᠤᠭᠠᠷ ᠰᠢᠳᠬᠡᠬᠦ ᠪᠤᠯᠪᠠᠤ ᠃

   ᠡᠭᠦᠨ  ᠤ ᠲᠤᠯᠠ

ᠣᠷᠠᠳ ᠤᠨ ᠬᠣᠶᠢᠳᠣ ᠬᠤᠰᠢᠭᠣᠨ ᠤ ᠠᠷᠠᠳ ᠤᠨ  ᠰᠢᠭᠦᠬᠦ ᠬᠣᠷᠢᠶ᠎ᠠ ᠳᠤ

 

 

 ᠪᠠᠶᠢᠴᠠᠭᠠᠬᠴᠢ᠄ᠲᠦᠰᠢᠭ                                                        

 

2020 ᠣᠨ  ᠦ  2 ᠰᠠᠷ᠎ᠠ ᠵᠢᠨ 28  ᠦ ᠡᠳᠦᠷ

 

 

ᠲᠠᠭᠠᠯᠳᠣᠭᠣᠯᠣᠯ᠄

1. ᠵᠠᠭᠠᠯᠳᠣᠬᠳᠠᠬᠴᠢ ᠭᠠᠩ** ᠣᠳᠣ ᠣᠷᠠᠳ ᠬᠣᠶᠢᠳᠣ ᠬᠣᠰᠢᠭᠣᠨ  ** ᠪᠠᠯᠭᠠᠰᠣᠨ ᠳᠤ ᠪᠠᠳᠣᠯᠠᠭ᠎ᠠ ᠠᠪᠴᠤ ᠰᠢᠭᠦᠭᠦ   ᠬᠦᠯᠢᠶᠡᠯᠭᠡᠵᠤ ᠪᠤᠢ︔

2. ᠬᠡᠷᠡᠭ  ᠦᠨ ᠡᠪᠬᠡᠮᠡᠯ ᠮᠠᠲ᠋ᠧᠷᠢᠶᠠᠯ ᠪᠠ ᠭᠡᠷᠡᠴᠢ ᠪᠠᠷᠢᠮᠳᠠ  ᠬᠣᠶᠠᠷ ᠲᠡᠪᠳᠡᠷ︔

3. ︽ᠶᠠᠯ᠎ᠠ ᠪᠠᠨ ᠮᠡᠳᠡᠷᠡᠵᠦ ᠰᠢᠳᠭᠡᠯ  ᠬᠦᠯᠢᠶᠡᠬᠦ ᠪᠠᠲᠤᠯᠠᠭ᠎ᠠ ᠵᠢᠨ ᠪᠢᠴᠢᠭ︾ ᠨᠢᠭᠡ ᠬᠣᠪᠢ︔

4᠂ ᠡᠷᠡᠭᠦᠦ ᠣᠨᠣᠬᠳᠠᠭᠣᠯᠬᠣ ᠰᠠᠨᠠᠭᠣᠯᠭ᠎ᠠ ᠵᠢᠨ ᠪᠢᠴᠢᠭ ᠨᠢᠭᠡ ᠬᠣᠪᠢ᠃


ᠢᠷᠡᠯᠲᠡ
ᠬᠠᠤᠯᠢ ᠴᠠᠭᠠᠵᠠ ᠵᠢᠨ ᠪᠢᠴᠢᠭ ᠬᠠᠷ᠎ᠠ  ᠢᠯᠡ ᠪᠣᠯᠭᠠᠬᠤ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro