ᠥᠪᠥᠷ ᠮᠣᠩᠭᠣᠯ  内蒙古

ᠦᠪᠦᠷ ᠮᠤᠩᠭᠤᠯᠪᠠᠶᠠᠨᠨᠠᠭᠣᠷ ᠬᠣᠳᠠ ᠵᠢᠨ ᠣᠷᠠᠳ ᠬᠣᠶᠢᠳᠣ ᠬᠣᠰᠢᠭᠣᠨ  ᠠᠷᠠᠳᠪᠠᠶᠢᠴᠠᠭᠠᠬᠤ ᠬᠤᠷᠢᠶ᠎ᠠ  ᠵᠢᠨ ᠵᠠᠭᠠᠯᠳᠤᠬᠤ ᠪᠢᠴᠢᠭ

2021-10-27 15:04:40

 ᠦᠪᠦᠷ ᠮᠤᠩᠭᠤᠯᠪᠠᠶᠠᠨᠨᠠᠭᠣᠷ ᠬᠣᠳᠠ ᠵᠢᠨ ᠣᠷᠠᠳ ᠤᠨ 

ᠬᠣᠶᠢᠳᠣ ᠬᠣᠰᠢᠭᠣᠨ ᠤ ᠠᠷᠠᠳᠪᠠᠶᠢᠴᠠᠭᠠᠬᠤ ᠬᠤᠷᠢᠶ᠎ᠠ  ᠵᠢᠨ

                 ᠵᠠᠭᠠᠯᠳᠤᠬᠤ   ᠪᠢᠴᠢᠭ

 

             ᠣᠷᠠᠳ ᠬᠣᠶᠢᠳᠣ  ᠪᠠᠶᠢᠴᠠᠭᠠᠬᠣ  ᠨᠢᠭᠡᠳᠦᠭᠡᠷ ᠬᠡᠯᠳᠡᠰ ᠡᠷᠡᠭᠦᠦ ᠵᠠᠭᠠᠯᠳᠣᠬᠣ ‍[2020]  2 ᠲᠣᠭᠠᠳᠣ

     ᠵᠠᠭᠠᠯᠳᠣᠬᠳᠠᠬᠴᠢ ᠬᠠᠨ **᠂ᠡᠷᠡᠭᠳᠠᠢ᠂1972ᠣᠨ ᠤ**ᠰᠠᠷ᠎ᠠ ᠵᠢᠨ**  ᠡᠳᠦᠷ ᠲᠦᠷᠦᠵᠠᠢ ᠂ ᠢᠷᠭᠡᠨ ᠦ ᠪᠡᠶ᠎ᠡᠦᠨᠡᠮᠯᠡᠯᠨᠤᠮᠧᠷ 1523221972********᠂ ᠮᠤᠩᠭᠣᠯ ᠦᠨᠳᠣᠰᠦᠳᠡᠨ᠂  ᠪᠠᠭ᠎ᠠ ᠰᠣᠷᠭᠠᠭᠣᠯᠢ  ᠵᠢᠨ ᠰᠣᠶᠣᠯᠬᠡᠮᠵᠢᠶ᠎ᠡ ᠲᠠᠢ᠂ ᠠᠵᠢᠯ ᠦᠭᠡᠢ ᠂ ᠦᠪᠦᠷ ᠮᠤᠩᠭᠣᠯᠦᠪᠡᠷᠳᠡᠭᠡᠨ ᠵᠠᠰᠠᠬᠣ ᠣᠷᠣᠨ   ᠲᠦᠩᠯᠢᠶᠣᠣ ᠬᠣᠳᠠ ᠵᠢᠨ ᠬᠣᠷᠴᠢᠨ ᠵᠡᠭᠦᠨ ᠭᠠᠷᠣᠨ ᠲᠣᠮᠳᠠᠳᠣ ᠬᠣᠰᠢᠭᠣᠨ   ᠶᠣᠣᠯᠢᠨᠮᠣᠳᠣ**  **  ᠭᠠᠴᠠᠭᠠᠨ ᠤ112 ᠨᠤᠮᠧᠷ ᠲᠤ ᠰᠠᠭᠣᠵᠤ ᠪᠣᠢ ᠂ ᠡᠷᠡᠭᠦᠦ ᠰᠢᠳᠭᠡᠯ ᠬᠦᠷᠳᠡᠵᠤ ᠦᠩᠭᠡᠷᠡᠭᠰᠡᠨ ᠦᠭᠡᠢ᠃ ᠠᠶᠣᠯᠳᠠᠢ ᠲᠠᠢ ᠪᠠᠷ ᠲᠡᠷᠭᠡ ᠵᠢᠯᠤᠭᠤᠳᠤᠬᠰᠠᠨ ᠶᠠᠯ᠎ᠠ ᠬᠢᠭᠰᠡᠨ ᠢᠶᠡᠷ  ᠰᠠᠵᠢᠭ᠍ᠯᠡᠭᠳᠡᠵᠤ ᠂ 2019 ᠣᠨ ᠤ6 ᠰᠠᠷ᠎ᠠ ᠵᠢᠨ26   ᠡᠲᠦᠷ  ᠣᠷᠠᠳ ᠬᠣᠶᠢᠳᠣ ᠬᠣᠰᠢᠭᠣᠨ  ᠲᠣᠳᠣᠭᠠᠳᠣ  ᠬᠠᠮᠠᠭᠠᠯᠠᠬᠣ ᠲᠣᠪᠴᠢᠶ᠎ᠠ ᠪᠠᠳᠣᠯᠠᠭ᠎ᠠ ᠠᠪᠴᠤ ᠰᠢᠭᠦᠯᠳᠡ ᠬᠦᠯᠢᠶᠡᠯᠭᠡᠪᠡ᠃ 

 ᠲᠣᠰ ᠬᠡᠷᠡᠭ  ᠢ ᠣᠷᠠᠳ   ᠤᠨ ᠬᠣᠶᠢᠳᠣ ᠬᠣᠰᠢᠭᠣᠨ ᠦ ᠲᠣᠳᠣᠭᠠᠳᠣ  ᠶᠢ ᠬᠠᠮᠠᠭᠠᠯᠠᠬᠣ ᠲᠣᠪᠴᠢᠶ᠎ᠠ ᠲᠤᠷᠰᠢᠨ ᠪᠠᠶᠢᠴᠠᠭᠠᠨ ᠲᠠᠭᠤᠰᠬᠠᠵᠤ ᠂ ᠵᠠᠭᠠᠯᠳᠣᠬᠳᠠᠬᠴᠢ  ᠬᠠᠨ ** ᠠᠶᠣᠯᠳᠠᠢ ᠪᠠᠷ ᠲᠡᠷᠭᠡ ᠵᠢᠯᠣᠭᠣᠳᠣᠬᠰᠠᠨ ᠶᠠᠯ᠎ᠠ ᠬᠢᠭᠰᠡᠨ  ᠢᠶᠡᠷ ᠰᠡᠵᠢᠭᠯᠡᠭᠳᠡᠵᠦ᠂2020 ᠣᠨ ᠤ6ᠰᠠᠷ᠎ᠠ  ᠵᠢᠨ4  ᠤ ᠡᠳᠦᠷ ᠲᠣᠰ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ ᠃ ᠲᠣᠰ ᠬᠣᠷᠢᠶ᠎ᠠ ᠬᠦᠯᠢᠶᠡᠨ ᠠᠪᠣᠬᠰᠠᠨ ᠦ ᠲᠠᠷᠠᠭ᠎ᠠ᠂ 2020ᠣᠨ ᠤ  6ᠰᠠᠷ᠎ᠠ  ᠵᠢᠨ4  ᠦ ᠡᠳᠦᠷ ᠵᠠᠭᠠᠯᠳᠣᠬᠳᠠᠬᠴᠢ ᠳᠤ ᠦᠮᠦᠭᠡᠯᠡᠭᠴᠢ ᠨᠠᠶᠢᠳᠠᠬᠣ ᠡᠷᠬᠡ ᠲᠠᠢ ᠪᠠ ᠶᠠᠯ᠎ᠠ ᠪᠠᠨ ᠮᠡᠳᠡᠷᠡᠵᠤ ᠰᠢᠳᠭᠡᠯ ᠬᠦᠯᠢᠶᠡᠪᠡᠯ ᠡᠭᠦᠰᠴᠦ ᠮᠡᠳᠡᠬᠦ ᠬᠠᠤᠯᠢ ᠴᠠᠭᠠᠵᠠ ᠵᠢᠨ ᠦᠷ᠎ᠡ  ᠳ᠋ᠦᠩ ᠢ ᠮᠡᠳᠡᠭᠳᠡᠵᠦ᠂ ᠬᠠᠣᠯᠢ ᠶᠣᠰᠣᠭᠠᠷ ᠵᠠᠭᠠᠯᠳᠣᠬᠳᠠᠬᠴᠢ  ᠰᠢᠭᠦᠨ ᠠᠰᠠᠭᠣᠵᠣ᠂ ᠪᠦᠬᠦ ᠬᠡᠷᠡᠭ  ᠤᠨ ᠮᠠᠲ᠋ᠧᠷᠢᠶᠠᠯ  ᠢ ᠬᠢᠨᠠᠨ ᠪᠠᠶᠢᠴᠠᠭᠠᠪᠠ᠃  ᠵᠠᠭᠠᠯᠳᠣᠬᠳᠠᠬᠴᠢ  ᠬᠠᠨ ** ᠲᠣᠰ ᠭᠡᠷᠡᠭ ᠢ ᠲᠦᠷᠭᠡᠨ ᠲᠠᠰᠣᠯᠣᠯᠳᠠ ᠵᠢᠨ ᠵᠢᠷᠦᠮ ᠢᠶᠡᠷ ᠰᠢᠭᠦᠯᠳᠡ ᠬᠢᠬᠦ  ᠵᠦᠪᠰᠢᠶᠡᠷᠡᠪᠡ᠃

        ᠬᠠᠤᠯᠢ ᠶᠤᠰᠤᠭᠠᠷ ᠬᠢᠨᠠᠨ ᠪᠠᠶᠢᠴᠠᠭᠠᠭᠠᠳ ᠲᠤᠳᠤᠯᠠᠭᠰᠠᠨ ᠨᠢ ᠄ 

   2019ᠣᠨ  6 ᠰᠠᠷ᠎ᠠ ᠵᠢᠨ16   ᠡᠲᠦᠷ22 ᠴᠠᠭ24 ᠮᠢᠨᠦ᠋ᠲ ᠦᠶᠡᠰ ᠪᠠᠷ᠂ ᠵᠠᠭᠠᠯᠳᠣᠬᠳᠠᠬᠴᠢ ᠬᠠᠨ ** ᠠᠷᠢᠬᠢ ᠣᠭᠣᠣᠬᠰᠠᠨ  ᠲᠠᠷᠠᠭ᠎ᠠ ᠂ ᠮᠤᠲ᠋ᠤᠷ ᠲᠡᠷᠭᠡᠨ ᠦ ᠵᠢᠯᠤᠭᠤᠴᠢ ᠵᠢᠨ ᠦᠨᠡᠮᠯᠡᠯ ᠦᠭᠡᠢ ᠪᠠᠶᠢᠳᠠᠯ ᠲᠣᠣᠷ᠎ᠠ ᠮᠧᠩ L***** ᠫᠠᠶᠢᠰᠠ ᠡᠯᠭᠦᠭᠰᠡᠨ︵ ᠵᠢᠩᠬᠢᠨᠢ ᠲᠡᠷᠭᠡᠨ ᠨᠤᠮᠧᠷ ᠨᠢ ᠮᠧᠩL*****︶ ᠮᠤᠲ᠋ᠤᠷ ᠣᠨᠣᠨ ᠣᠷᠠᠳᠬᠣᠶᠢᠳᠣ ᠬᠣᠰᠢᠭᠣᠨ  ᠪᠶᠠᠨᠪᠣᠯᠠᠭ ᠪᠠᠯᠭᠠᠰᠣᠨ  ᠵᠡᠭᠡᠯᠢ ᠲᠡᠭᠡᠷ᠎ᠡ ᠪᠠᠷᠠᠭᠣᠨ ᠡᠴᠡ  ᠶᠠᠪᠣᠭᠠᠳ ᠨᠠᠷᠠᠨᠪᠣᠯᠠᠭ ᠵᠡᠭᠡᠯᠢ ᠪᠣᠯᠣᠨ ᠰᠠᠵᠢᠨ᠋ᠣ᠋ᠰᠣ  ᠵᠠᠮᠣᠬᠳᠣᠯᠣᠯᠴᠠᠬᠰᠠᠨ ᠠᠭᠣᠯᠵᠠᠷ  ᠵᠠᠮ  ᠳᠤ ᠬᠦᠷᠦᠭᠡᠳ ᠂  ᠡᠮᠦᠨ᠎ᠡ ᠲᠠᠯ᠎ᠠ ᠳᠤ ᠠᠳᠠᠯᠢ ᠴᠢᠭᠯᠡᠯ ᠢᠶᠡᠷ ᠣᠯᠠᠭᠠ ᠳ᠋ᠧᠩ ᠬᠦᠯᠢᠶᠡᠵᠤ ᠪᠠᠶᠢᠬᠰᠠᠨ ᠹᠧᠩ ** ᠵᠢᠨ ᠵᠢᠯᠤᠭᠤᠳᠤᠵᠤ ᠪᠠᠶᠢᠬᠰᠠᠨ ᠮᠧᠩ L***** ᠮᠠᠰᠢᠨ ᠲᠡᠷᠭᠡᠨ ᠦ ᠠᠷᠣ ᠠᠴᠠ ᠮᠦᠷᠭᠦᠵᠦ ᠂ ᠬᠠᠨ **  ᠰᠢᠷᠬᠠᠳᠣᠵᠤ ᠂ ᠬᠣᠶᠠᠷ ᠲᠡᠷᠭᠡ ᠠᠳᠠᠯᠢ ᠪᠣᠰᠣ  ᠬᠡᠮᠵᠢᠶ᠎ᠡ ᠪᠡᠷ ᠡᠪᠳᠡᠷᠡᠵᠤ ᠰᠦᠢᠳᠦᠭᠰᠡᠨ ᠵᠠᠮ ᠬᠠᠷᠢᠯᠴᠠᠭᠠᠨ   ᠭᠡᠨᠡᠳᠡᠯ ᠡᠭᠦᠰᠪᠡ ᠂ ᠭᠡᠨᠡᠳᠡᠯ ᠡᠭᠦᠰᠦᠭᠰᠡᠨ ᠦ ᠲᠠᠷᠠᠭ᠎ᠠ ᠹᠧᠩ ** ᠬᠡᠷᠡᠭ ᠮᠡᠳᠡᠭᠦᠯᠪᠡ᠃ ᠬᠡᠷᠡᠭᠲᠠᠷᠠᠭ᠎ᠠ ᠪᠠᠶᠠᠨᠨᠠᠭᠣᠷ ᠬᠣᠳᠠ ᠵᠢᠨ ᠵᠢᠨ ᠴᠢᠶᠣᠣ ᠬᠠᠣᠯᠢ ᠴᠠᠭᠠᠵᠠ ᠵᠢᠨ ᠰᠢᠯᠭᠠᠨ ᠲᠣᠬᠳᠠᠭᠠᠯᠭᠠᠵᠠᠷ ᠰᠢᠯᠭᠠᠨ ᠲᠣᠬᠳᠠᠭᠠᠬᠰᠠᠨ ᠢᠶᠠᠷ᠂  ᠵᠠᠭᠠᠯᠳᠣᠬᠳᠠᠬᠴᠢ ᠬᠠᠨ ** ᠤ100ml ᠴᠢᠰᠣᠨ ᠰᠢᠩᠭᠡᠨ ᠪᠦᠷᠢ ᠳᠦ224.35mg ᠡᠲ᠋ᠢᠯ ᠠᠯᠺᠣᠣᠯ  ᠠᠭᠣᠯᠣᠬᠳᠠᠵᠤ ᠂ ᠰᠣᠬᠳᠣᠭᠣ ᠪᠠᠷ ᠲᠡᠷᠭᠡ ᠵᠢᠯᠤᠭᠤᠳᠣᠬᠰᠠᠨ ᠳᠤ ᠲᠣᠭᠠᠴᠠᠬᠳᠠᠨ᠎ᠠ ᠃ ᠣᠷᠠᠳᠬᠣᠶᠢᠳᠣ ᠬᠣᠰᠢᠭᠣᠨ  ᠵᠠᠮ ᠬᠠᠷᠢᠯᠴᠠᠭᠠᠨ   ᠴᠠᠭᠳᠠᠭᠠᠨ  ᠶᠡᠬᠡ ᠠᠩᠬᠢ ᠵᠢᠨ ᠮᠠᠭᠠᠳᠯᠠᠨ ᠲᠣᠬᠳᠠᠭᠠᠬᠰᠠᠨ ᠢᠶᠠᠷ᠂ ᠵᠠᠭᠠᠯᠳᠣᠬᠳᠠᠬᠴᠢ ᠬᠠᠨ ** ᠲᠣᠰ ᠣᠳᠠᠭᠠᠨ  ᠭᠡᠨᠡᠳᠡᠯᠬᠡᠷᠡᠭᠪᠦᠬᠦ ᠬᠠᠷᠢᠭᠣᠴᠠᠯᠭ᠎ᠠ  ᠡᠭᠦᠷᠭᠡᠯᠡᠨ᠎ᠡ᠂ ᠹᠧᠩ ** ᠬᠠᠷᠢᠭᠣᠴᠠᠯᠭ᠎ᠠ ᠡᠭᠦᠷᠭᠡᠯᠡᠬᠦ ᠦᠭᠡᠢ᠃

 ᠲᠡᠭᠡᠷ᠎ᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠨᠢ ᠲᠤᠤᠷᠠᠬᠢ ᠮᠡᠳᠦ ᠄

1᠂ ᠬᠡᠷᠡᠭ ᠪᠣᠯᠭᠠᠬᠰᠠᠨ ᠲᠣᠬᠳᠠᠭᠠᠯ  ᠤᠨ ᠪᠢᠴᠢᠭ᠂ ᠪᠠᠳᠣᠯᠠᠭ᠎ᠠ ᠠᠪᠴᠤ ᠰᠢᠭᠦᠯᠳᠡ ᠬᠦᠯᠢᠶᠡᠯᠭᠡᠬᠦ ᠵᠡᠷᠭᠡ ᠪᠢᠴᠢᠭ ᠤᠨ ᠭᠡᠷᠡᠴᠢ︔  2᠂ ᠭᠡᠷᠡᠴᠢᠯᠡᠭᠴᠢ  ᠹᠧᠩ ** ᠵᠢᠨ ᠭᠡᠷᠡᠴᠢ ᠦᠭᠡ︔ 3᠂ ᠵᠠᠭᠠᠯᠳᠣᠬᠳᠠᠬᠴᠢ  ᠬᠠᠨ ** ᠦ ᠦᠴᠢᠭᠯᠡᠯᠳᠡ ᠪᠠ ᠵᠦᠪᠳᠦᠭᠡᠯᠳᠡ︔ 4᠂ ᠡᠲ᠋ᠢᠯ ᠠᠯᠺᠣᠣᠯ   ᠤᠨ ᠠᠭᠣᠯᠣᠬᠳᠠᠬᠴᠠ ᠵᠢᠨ ᠬᠡᠮᠵᠢᠶ᠎ᠡ ᠵᠢᠨ ᠰᠢᠯᠭᠠᠨ ᠲᠣᠬᠳᠠᠭᠠᠯᠳᠠ ᠵᠢᠨ ᠰᠠᠨᠠᠯ︔  5᠂ ᠲᠣᠬᠠᠢ ᠵᠢᠨ ᠲᠠᠯᠠᠪᠤᠷ ᠲᠡᠮᠳᠡᠭᠯᠡᠯ ᠵᠢᠴᠢ ᠰᠡᠭᠦᠳᠡᠷ ᠵᠡᠷᠭᠡ ᠭᠡᠷᠡᠴᠢ᠃

ᠲᠡᠭᠡᠷ᠎ᠡ ᠲᠣᠷᠠᠳᠣᠬᠰᠠᠨ ᠭᠡᠷᠡᠴᠢ  ᠪᠠᠷᠢᠮᠳᠠ   ᠴᠣᠬᠯᠠᠭᠣᠯᠣᠬᠰᠠᠨ ᠵᠢᠷᠦᠮ ᠨᠢ ᠬᠠᠣᠯᠢ ᠳᠤ ᠨᠡᠶᠢᠴᠡᠨ᠎ᠡ᠂ ᠠᠭᠣᠯᠭ᠎ᠠ ᠨᠢ ᠪᠣᠰᠣᠳᠴᠢ ᠪᠦᠭᠡᠳ ᠦᠨᠡᠨ ᠪᠣᠳᠠᠳᠠᠢ᠂ ᠵᠠᠭᠠᠯᠳᠣᠬᠰᠠᠨ ᠪᠣᠳᠠᠳᠣ ᠶᠠᠪᠣᠳᠠᠯ ᠢ ᠭᠦᠢᠴᠡᠳ ᠮᠠᠭᠠᠳᠯᠠᠨ ᠲᠣᠬᠳᠠᠭᠠᠵᠣ ᠲᠡᠶᠢᠯᠦᠨ᠎ᠡ᠃ ᠵᠠᠭᠠᠯᠳᠣᠬᠳᠠᠬᠴᠢ   ᠬᠠᠨ ** ᠵᠠᠭᠠᠯᠳᠣᠬᠰᠠᠨ ᠪᠣᠳᠠᠳᠣ ᠬᠡᠷᠡᠭ ᠪᠣᠯᠣᠨ ᠭᠡᠷᠡᠴᠢ ᠪᠠᠷᠢᠮᠳᠠ ᠳᠤ ᠣᠨᠳᠣᠣ ᠰᠠᠨᠠᠯ ᠦᠭᠡᠢ᠂ ᠮᠦᠨ ᠦᠪᠡᠷᠰᠠᠵᠢᠨ ᠲᠣᠷ᠎ᠠ ᠠᠴᠠ ᠪᠠᠨ ᠶᠠᠯ᠎ᠠ ᠪᠠᠨ ᠮᠡᠳᠡᠷᠡᠵᠤ ᠰᠢᠳᠭᠡᠯ ᠬᠦᠯᠢᠶᠡᠪᠡ᠃

  ᠲᠣᠰ ᠬᠣᠷᠢᠶᠠᠨ ᠤ ᠦᠵᠡᠬᠦ ᠪᠡᠷ᠂ ᠵᠠᠭᠠᠯᠳᠣᠬᠳᠠᠬᠴᠢ ᠬᠠᠨ ** ᠰᠣᠬᠳᠣᠭᠣ  ᠪᠠᠷ ᠮᠠᠰᠢᠨ ᠲᠡᠷᠭᠡ ᠵᠢᠯᠤᠭᠤᠳᠤᠨ ᠵᠠᠮ ᠲᠡᠬᠡᠷ᠎ᠡ ᠶᠠᠪᠣᠵᠣ  ᠪᠠᠶᠢᠭᠠᠳ ᠪᠣᠰᠣᠳᠲᠡᠷᠭᠡ ᠲᠠᠢ  ᠮᠦᠷᠭᠦᠯᠳᠦᠵᠤ᠂ ᠮᠦᠨ ᠴᠦ ᠭᠡᠨᠡᠳᠡᠯᠪᠦᠬᠦ ᠬᠠᠷᠢᠭᠣᠴᠠᠯᠭ᠎ᠠ  ᠡᠭᠦᠷᠭᠡᠯᠡᠨ᠎ᠡ᠂ ᠲᠡᠭᠦᠨ ᠦᠡᠨᠡᠬᠦ ᠦᠢᠯᠡ ᠠᠵᠢᠯᠯᠠᠭ᠎ᠠ ᠨᠢ ︽ ᠪᠦᠭᠦᠳᠡ ᠨᠠᠶᠢᠷᠠᠮᠳᠠᠬᠣ ᠲᠣᠮᠳᠠᠳᠣ ᠠᠷᠠᠳ ᠣᠯᠤᠰ  ᠤᠨ ᠡᠷᠡᠭᠦᠦ  ᠵᠢᠨ ᠬᠠᠣᠯᠢ︾  ᠵᠢᠨ ᠨᠢᠭᠡ ᠵᠠᠭᠤ ᠭᠣᠴᠢᠨ ᠭᠣᠷᠪᠠᠳᠣᠭᠠᠷ ᠵᠣᠷᠪᠣᠰ  ᠤᠨ ᠨᠢᠭᠡ ᠵᠢᠨ ᠨᠢᠭᠡᠳᠦᠭᠡᠷ ᠪᠠᠳᠠᠭ ᠤᠨ ︵ᠬᠣᠶᠠᠳᠣᠭᠠᠷ︶ ᠵᠦᠢᠯ   ᠤᠨ ᠲᠣᠬᠳᠠᠭᠠᠯ  ᠳᠤ ᠬᠠᠯᠳᠠᠵᠤ ᠂ ᠶᠠᠯ᠎ᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠣᠳᠠᠳᠠᠢ ᠪᠦᠷᠢᠨ ᠭᠦᠢᠴᠡᠳ ᠪᠤᠯᠬᠤᠷ ᠂ ᠠᠶᠣᠯᠳᠠᠢ ᠪᠠᠷ ᠲᠡᠷᠭᠡ ᠵᠢᠯᠣᠭᠣᠳᠣᠬᠰᠠᠨ ᠶᠠᠯ᠎ᠠ ᠪᠠᠷ ᠲᠡᠭᠦᠨ  ᠤ ᠡᠷᠡᠭᠦᠦ  ᠵᠢᠨ ᠬᠠᠷᠢᠭᠤᠴᠠᠯᠭ᠎ᠠ ᠶᠢ ᠨᠢ ᠨᠡᠭᠡᠮᠵᠢᠯᠡᠬᠦ ᠶᠤᠰᠤᠳᠠᠢ ᠃ ᠬᠡᠷᠡᠭᠲᠠᠷᠠᠭ᠎ᠠ  ᠵᠠᠭᠠᠯᠳᠣᠬᠳᠠᠬᠴᠢ  ᠬᠠᠨ ** ᠦᠪᠡᠷᠶᠠᠯᠠᠳᠣ ᠠᠵᠢᠯᠯᠠᠭ᠎ᠠ ᠪᠠᠨ ᠦᠨᠡᠨ ᠮᠦᠨ ᠢᠶᠡᠷ ᠦᠴᠢᠭᠯᠡᠪᠡ᠂ ︽ ᠪᠦᠭᠦᠳᠡ ᠨᠠᠶᠢᠷᠠᠮᠳᠠᠬᠣ ᠲᠣᠮᠳᠠᠳᠣ ᠠᠷᠠᠳ ᠣᠯᠣᠰᠡᠷᠡᠭᠦᠦ ᠵᠢᠨ ᠬᠠᠣᠯᠢ︾ ᠵᠢᠨ  ᠵᠢᠷᠠᠨ ᠲᠣᠯᠣᠳᠣᠭᠠᠷ ᠵᠣᠷᠪᠣᠰᠭᠣᠷᠪᠠᠳᠣᠭᠠᠷ ᠪᠠᠳᠠᠭᠲᠣᠬᠳᠠᠭᠠᠯ ᠢ ᠦᠨᠳᠦᠰᠦᠯᠡᠪᠡᠯ ᠬᠦᠩᠭᠡᠨ ᠢᠶᠡᠷ ᠰᠢᠳᠭᠡᠵᠤ ᠪᠣᠯᠣᠨ᠎ᠠ᠂ ᠵᠠᠭᠠᠯᠳᠤᠭᠳᠠᠭᠴᠢ ᠬᠠᠨ **   ᠭᠣᠷᠪᠠᠨ ᠰᠠᠷ᠎ᠠ ᠪᠠᠷ ᠬᠣᠷᠢᠵᠤ  ᠬᠦᠳᠡᠯᠮᠦᠷᠢᠯᠡᠭᠦᠯᠬᠦ ᠵᠢᠨ ᠲᠠᠭᠠᠤ  ᠲᠦᠷᠪᠡᠨ ᠮᠢᠩᠭᠠᠠ ᠵᠤᠭᠤᠰ ᠢᠶᠠᠷ ᠲᠣᠷᠭᠠᠬᠣ ᠪᠠᠷ ᠨᠡᠶᠢᠯᠡᠭᠦᠯᠦᠨ ᠰᠢᠳᠭᠡᠵᠦ᠂ ᠡᠷᠡᠭᠦᠦ ᠠᠯᠭᠣᠷᠯᠠᠯᠳᠠ  ᠲᠣᠬᠢᠷᠠᠭᠣᠯᠣᠨ ᠬᠡᠷᠡᠭᠯᠡᠵᠦ ᠪᠣᠯᠬᠣ ᠰᠠᠨᠠᠭᠣᠯᠭ᠎ᠠ ᠲᠣᠷᠠᠳᠣᠶ᠎ᠠ ᠃  ᠮᠦᠨ ᠴᠦ ᠲᠦᠷᠭᠡᠨ ᠲᠠᠰᠣᠯᠣᠯᠳᠠ ᠵᠢᠨ ᠵᠢᠷᠦᠮ ᠢ ᠲᠣᠬᠢᠷᠠᠭᠣᠯᠣᠨ ᠬᠡᠷᠡᠭᠯᠡᠬᠦ  ᠰᠠᠨᠠᠭᠣᠯᠣᠶ᠎ᠠ ᠃ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠣᠯᠣᠰ ᠤᠨ ᠡᠷᠡᠭᠦᠦ ᠵᠢᠨ ᠵᠠᠷᠭᠤ ᠵᠢᠨ ᠬᠠᠤᠯᠢ︾  ᠵᠢᠨ ᠵᠠᠭᠤ ᠲᠠᠯᠠᠨ ᠵᠢᠷᠭᠣᠳᠣᠭᠠᠷ ᠵᠣᠷᠪᠣᠰ  ᠤᠨ ᠨᠢᠭᠡᠳᠦᠭᠡᠷ ᠪᠠᠳᠠᠭ ᠤᠨ ᠲᠤᠭᠳᠠᠭᠠᠯ ᠢ ᠦᠨᠳᠦᠰᠦᠯᠡᠵᠦ ᠂ ᠠᠯᠪᠠᠨ ᠵᠠᠭᠠᠯᠳᠤᠯᠭ᠎ᠠ ᠭᠠᠷᠭᠠᠪᠠ ᠃ ᠬᠠᠤᠯᠢ ᠶᠤᠰᠤᠭᠠᠷ ᠰᠢᠳᠬᠡᠬᠦ ᠪᠤᠯᠪᠠᠤ ᠃

   ᠡᠭᠦᠨ  ᠤ ᠲᠤᠯᠠ

ᠣᠷᠠᠳ ᠤᠨ ᠬᠣᠶᠢᠳᠣ ᠬᠤᠰᠢᠭᠣᠨ ᠤ ᠠᠷᠠᠳ ᠤᠨ  ᠰᠢᠭᠦᠬᠦ ᠬᠣᠷᠢᠶ᠎ᠠ ᠳᠤ

                                                                      

                    ᠪᠠᠶᠢᠴᠠᠭᠠᠬᠴᠢ᠄  ᠲᠦᠰᠢᠭ   

                    ᠪᠠᠶᠢᠴᠠᠭᠠᠬᠴᠢ ᠵᠢᠨ ᠲᠣᠰᠠᠯᠠᠬᠴᠢ᠄  ᠲᠠᠨᠠᠬᠦᠦ                                                   2020 ᠣᠨ  ᠦ  6  ᠰᠠᠷ᠎ᠠ ᠵᠢᠨ  12  ᠦ ᠡᠳᠦᠷ

 


ᠲᠠᠭᠠᠯᠳᠣᠭᠣᠯᠣᠯ᠄

1. ᠵᠠᠭᠠᠯᠳᠣᠬᠳᠠᠬᠴᠢ ᠬᠠᠨ ** ᠦᠪᠦᠷ ᠮᠣᠩᠭᠣᠯᠦᠪᠡᠷᠳᠡᠭᠡᠨ ᠵᠠᠰᠠᠬᠣ ᠣᠷᠣᠨ ‍ᠣ ᠲᠦᠩᠯᠢᠶᠣᠣ ᠬᠣᠳᠠ ᠵᠢᠨ  ᠬᠣᠷᠴᠢᠨ ᠵᠡᠭᠦᠨ ᠭᠠᠷᠣᠨ ᠲᠣᠮᠳᠠᠳᠣ ᠬᠣᠰᠢᠭᠣᠨ   ᠶᠣᠣᠯᠢᠨᠮᠣᠳᠣ **   ** ᠭᠠᠴᠠᠭᠠᠨ ᠤ** ᠨᠤᠮᠧᠷ ᠲᠤ ᠪᠠᠳᠣᠯᠠᠭ᠎ᠠ ᠠᠪᠴᠦ ᠰᠢᠭᠦᠯᠳᠡ ᠬᠦᠯᠢᠶᠡᠯᠭᠡᠵᠤ ᠪᠣᠢ ︔

2. ᠬᠡᠷᠡᠭ  ᠦᠨ ᠡᠪᠬᠡᠮᠡᠯ ᠮᠠᠲ᠋ᠧᠷᠢᠶᠠᠯ ᠪᠠ ᠭᠡᠷᠡᠴᠢ ᠪᠠᠷᠢᠮᠳᠠ  ᠬᠣᠶᠠᠷ ᠲᠡᠪᠳᠡᠷ︔

3. ︽ᠶᠠᠯ᠎ᠠ ᠪᠠᠨ ᠮᠡᠳᠡᠷᠡᠵᠦ ᠰᠢᠳᠭᠡᠯ ᠬᠦᠯᠢᠶᠡᠬᠦ ᠪᠠᠲᠤᠯᠠᠭ᠎ᠠ ᠵᠢᠨ ᠪᠢᠴᠢᠭ︾︔

4᠂ ᠡᠷᠡᠭᠦᠦ ᠣᠨᠣᠬᠳᠠᠭᠣᠯᠬᠣ ᠰᠠᠨᠠᠭᠣᠯᠭ᠎ᠠ ᠵᠢᠨ ᠪᠢᠴᠢᠭ᠃


ᠢᠷᠡᠯᠲᠡ
ᠨᠢᠭᠡᠳᠦᠭᠡᠷ ᠪᠠᠢᠴᠠᠭᠠᠬᠣ ᠬᠡᠯᠳᠡᠰ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro