ᠥᠪᠥᠷ ᠮᠣᠩᠭᠣᠯ  内蒙古

ᠰᠦᠨᠢᠳ ᠵᠡᠭᠦᠨ ᠬᠣᠰᠢᠭᠣᠨ  ᠠᠷᠠᠳᠪᠠᠶᠢᠴᠠᠭᠠᠬᠣ ᠬᠣᠷᠢᠶᠡᠨ  ᠵᠠᠭᠠᠯᠳᠤᠬᠤ ᠪᠢᠴᠢᠭ

2018-12-04 11:21:00


 ᠰᠦᠨᠢᠳ ᠵᠡᠭᠦᠨ ᠪᠠᠶᠢᠴᠠᠭᠠᠬᠤ ᠡᠷᠡᠭᠦᠤ ᠵᠠᠭᠠᠯᠳᠣᠬᠣ ﹇ 2017 ﹈ 6 ᠳ᠋ᠣᠭᠠᠷ ᠲᠤᠭᠠᠲᠦ

ᠵᠠᠭᠠᠯᠳᠣᠭᠳᠠᠭᠴᠢ  ᠣᠯᠠᠨ ᠳᠦᠮᠡᠨ ᠂ ᠰᠦᠨᠢᠳ ᠵᠡᠭᠦᠨ ᠬᠣᠰᠢᠭᠤᠨ  ᠲᠠᠮᠦᠷ ᠵᠠᠮᠠᠵᠢᠯ ᠶᠠᠪᠣᠳᠠᠯᠬᠡᠯᠳᠠᠰᠠᠵᠢᠯᠴᠢᠨ ᠂ ᠰᠦᠨᠢᠳ ᠵᠡᠭᠦᠨ ᠬᠤᠰᠢᠭᠤᠨ  ᠲᠤᠳᠤᠭᠠᠲᠦ ᠶ᠋ᠢ ᠬᠠᠮᠠᠭᠠᠯᠠᠬᠤ ᠲᠤᠪᠴᠢᠶ᠎ᠠ ᠨᠢ 2016 ᠣᠨ  11 ᠰᠠᠷ᠎ᠠ ᠶ᠋ᠢᠨ 28  ᠡᠳᠦᠷ ᠵᠠᠭᠠᠯᠳᠣᠭᠳᠠᠭᠴᠢ ᠠᠮᠤᠭᠤᠯᠠᠩ ‍ᠢ ᠠᠶᠤᠯ ᠲᠠᠢ ᠪᠡᠷ ᠲᠡᠷᠭᠡ ᠵᠢᠯᠤᠭᠤᠳᠤᠭᠰᠠᠨ ᠶᠠᠯ᠎ᠠ ᠶ᠋ᠢᠨ ᠰᠡᠵᠢᠭᠲᠡᠨ ᠢᠶᠠᠷ ᠪᠠᠳᠣᠯᠠᠭ᠎ᠠ ᠠᠪᠴᠦ ᠰᠢᠭᠦᠯᠳᠡ ᠶ᠋ᠢ ᠭᠦᠯᠢᠶᠡᠯᠭᠡᠪᠡ ᠃ 2017 ᠣᠨ  2 ᠰᠠᠷ᠎ᠡ ᠶ᠋ᠢᠨ 23  ᠡᠳᠦᠷ ᠂ ᠮᠠᠨ  ᠬᠣᠷᠢᠶ᠎ᠡ ᠲᠠᠭᠢᠨᠳᠡ ᠪᠠᠳᠤᠯᠠᠭ᠎ᠠ ᠠᠪᠴᠦ ᠰᠢᠭᠦᠯᠳᠡ ᠶ᠋ᠢ ᠭᠦᠯᠢᠶᠡᠯᠭᠡᠪᠡ ᠃

ᠲᠤᠰ ᠬᠡᠷᠡᠭ ‍ᠢ ᠰᠦᠨᠢᠳ ᠵᠡᠭᠦᠨ ᠬᠣᠰᠢᠭᠣᠨ  ᠲᠤᠳᠤᠭᠠᠲᠦ ᠶ᠋ᠢ ᠬᠠᠮᠠᠭᠠᠯᠠᠬᠤ ᠲᠣᠪᠴᠢᠶ᠎ᠡ ᠡᠴᠠ ᠲᠤᠷᠰᠢᠨ ᠪᠠᠶᠢᠴᠠᠭᠠᠨ ᠲᠠᠭᠤᠰᠬᠠᠵᠦ ᠂ ᠵᠠᠭᠠᠯᠳᠤᠭᠳᠠᠭᠴᠢ ᠠᠮᠤᠭᠤᠯᠠᠩ ‍ᠢ ᠠᠶᠤᠯ ᠲᠠᠢ ᠪᠡᠷ ᠲᠡᠷᠭᠡ ᠵᠢᠯᠤᠭᠤᠳᠤᠭᠰᠠᠨ ᠶᠠᠯ᠎ᠠ ᠳ᠋ᠥ ᠬᠤᠯᠪᠤᠭᠳᠠᠭᠰᠠᠨ ᠢᠶᠠᠷ 2017 ᠣᠨ  2 ᠰᠠᠷ᠎ᠡ ᠶ᠋ᠢᠨ 23  ᠡᠳᠦᠷ ᠂ ᠬᠢᠨᠠᠨ ᠵᠠᠭᠠᠯᠳᠤᠭᠤᠯᠬᠤ ᠰᠠᠨᠠᠯ ‍ᠢᠶ᠋ᠡᠷ ᠮᠠᠨ  ᠬᠣᠷᠢᠶᠡᠨ ᠳ᠋ᠦ ᠰᠢᠯᠵᠢᠭᠦᠯᠦᠨ ᠢᠷᠡᠭᠦᠯᠵᠡᠢ ᠃ ᠮᠠᠨ  ᠬᠤᠷᠢᠶ᠎ᠠ ᠬᠡᠷᠡᠭ ‍ᠢ ᠭᠦᠯᠢᠶᠡᠨ ᠠᠪᠣᠭᠰᠠᠨ  ᠲᠠᠷᠠᠭ᠎ᠠ ᠂ ᠲᠤᠰ ᠡᠳᠦᠷ ᠲᠣ ᠵᠠᠭᠠᠯᠳᠤᠭᠳᠠᠭᠴᠢ ᠳ᠋ᠥ ᠬᠣᠯᠪᠣᠭᠳᠠᠯ ᠪᠦᠭᠦᠢ ᠵᠠᠷᠭᠣ ᠶ᠋ᠢᠨ ᠡᠷᠭᠡ ᠡᠭᠦᠷᠭᠡ ᠶ᠋ᠢ ᠮᠡᠳᠡᠭᠳᠡᠵᠦ ᠦᠭᠬᠦ ᠶ᠋ᠢᠨ ᠬᠠᠮᠲᠦ ᠂ ᠵᠠᠭᠠᠯᠳᠤᠭᠳᠠᠭᠴᠢ ᠠᠮᠤᠭᠤᠯᠠᠩ ‍ᠢ ᠬᠠᠦᠯᠢ ᠶᠣᠰᠣᠭᠠᠷ ᠰᠢᠭᠦᠨ ᠠᠰᠠᠭᠣᠵᠦ ᠂ ᠪᠦᠭᠦᠶᠢᠯᠨ ᠭᠡᠷᠡᠭᠮᠠᠲ᠋ᠸᠷᠢᠶᠡᠯ ‍ᠢ ᠭᠢᠨᠡᠨ ᠪᠠᠶᠢᠴᠠᠭᠠᠪᠡ ᠃ 

ᠬᠠᠤᠯᠢ ᠶᠤᠰᠤᠭᠠᠷ ᠬᠢᠨᠠᠨ ᠪᠠᠶᠢᠴᠠᠭᠠᠬᠣ ᠪᠡᠷ ᠲᠡᠮᠵᠢᠨ ᠲᠤᠳᠤᠯᠠᠭᠰᠠᠨ ᠨᠢ ᠄

2016 ᠤᠨ  11 ᠰᠠᠷ᠎ᠠ ᠶ᠋ᠢᠨ 18  ᠡᠳᠦᠷ21 ᠴᠠᠭ ᠣᠷᠴᠢᠮ ᠂ ᠠᠮᠤᠭᠤᠯᠠᠩ ᠠᠷᠢᠬᠢ ᠤᠤᠭᠤᠭᠰᠠᠨ  ᠳᠠᠷᠠᠭ᠎ᠠ ᠂ 蒙H94256 ᠨᠤᠮᠸᠷᠲᠦ 《ᠪᠢᠶᠣᠣ ᡁᠢ 》ᠳᠡᠮᠳᠡᠭᠲᠦ ᠪᠠᠭ᠎ᠠ ᠮᠠᠰᠢᠨ ᠢᠶᠡᠨ ᠵᠢᠯᠤᠭᠤᠳᠤᠨ ᠵᠡᠭᠦᠨ ᠡᠴᠡ ᠪᠠᠷᠠᠭᠤᠨᠰᠢ ᠠᠶᠠᠯᠠᠵᠦ ᠂ ᠰᠦᠨᠢᠳ ᠵᠡᠭᠦᠨ ᠬᠤᠰᠢᠭᠤᠨ  ᠮᠠᠨᠳᠠᠯᠲᠦ ᠪᠠᠯᠭᠠᠰᠤᠨ  ᠮᠠᠨᠳᠠ ᠵᠡᠭᠡᠯᠢ ᠪᠤᠯᠤᠨ ᠴᠠᠩᠲᠤ ᠵᠠᠮᠠᠭᠤᠯᠵᠠᠭᠤᠷ ᠳ᠋ᠤ ᠂ ᠵᠠᠮ ᠬᠠᠷᠢᠯᠴᠠᠭᠠᠨ  ᠲᠤᠭᠤᠷᠢᠭᠤᠯ ᠴᠠᠭᠳᠠᠭ᠎ᠠ ᠳ᠋ᠤ ᠡᠷᠬᠡᠰᠢᠶᠡᠭᠳᠡᠨ ᠪᠡᠷᠢᠪᠴᠢᠯᠠᠭᠳᠠᠪᠠ ᠃ ᠵᠠᠮ ᠬᠠᠷᠢᠯᠴᠠᠭᠠᠨ  ᠴᠠᠭᠳᠠᠭ᠎ᠠ ᠨᠢ ᠵᠠᠭᠠᠯᠳᠣᠭᠳᠠᠭᠴᠢ ᠠᠮᠤᠭᠤᠯᠠᠩ ᠶ᠋ᠢᠨ ᠰᠣᠭᠳᠣᠭᠣ ᠪᠡᠷ ᠲᠡᠷᠭᠡ ᠵᠢᠯᠤᠭᠤᠳᠤᠭᠰᠠᠨ ᠰᠡᠵᠢᠭᠯᠡᠯ ᠲᠠᠢ ᠪᠠᠶᠢᠬᠤ ᠶ᠋ᠢ ᠢᠯᠡᠷᠡᠭᠦᠯᠵᠦ ᠂ ᠳᠡᠷᠡ ᠳᠠᠷᠣᠢ ᠳ᠋ᠤ ᠨᠢ ᠰᠦᠨᠢᠳ ᠵᠡᠭᠦᠨ ᠬᠤᠰᠢᠭᠤᠨ  ᠡᠮᠨᠡᠯᠭᠡ ᠶ᠋ᠢᠨ ᠬᠤᠷᠢᠶᠠᠨ ᠳ᠋ᠥ ᠬᠦᠷᠭᠡᠵᠦ ᠴᠢᠰᠤᠨ  ᠶᠠᠩᠵᠦ ᠠᠪᠴᠦ ᠦᠯᠡᠳᠡᠭᠡᠵᠠᠢ  ᠃ ᠡᠷᠢᠶᠡᠨ ᠬᠤᠳᠠ ᠶ᠋ᠢᠨ ᠤᠯᠠᠨ ᠤᠯᠤᠰᠡᠷᠡᠬᠦᠯ ᠬᠠᠮᠠᠭᠠᠯᠠᠯ ᠡᠷᠡᠬᠦᠯᠵᠢᠯᠲᠦᠪᠬᠠᠤᠯᠢ ᠴᠠᠭᠠᠵᠠ ᠶ᠋ᠢᠨ ᠰᠢᠯᠭᠠᠨ ᠲᠤᠭᠳᠠᠭᠠᠯᠲᠠ ᠶ᠋ᠢᠨ ᠳᠠᠰᠤᠭᠬᠠᠤᠯᠢ ᠴᠠᠭᠠᠵᠠ ᠶ᠋ᠢᠨ ᠰᠢᠯᠭᠠᠨ ᠳᠣᠭᠳᠠᠭᠠᠯᠳᠠ ᠶ᠋ᠢᠨ ᠪᠠᠶᠢᠴᠠᠭᠠᠯᠳᠠ ᠶ᠋ᠢᠨ ᠮᠡᠳᠡᠭᠦᠯᠦᠯᠳᠠ ᠶ᠋ᠢ ᠦᠨᠳᠦᠰᠦᠯᠡᠪᠡᠯ ᠂ ᠵᠠᠭᠠᠯᠳᠣᠭᠳᠠᠭᠴᠢ ᠠᠮᠤᠭᠤᠯᠠᠩᠴᠢᠰᠦᠨ ᠲᠡᠬᠢ ᠰᠫᠢᠷᠲ ᠶ᠋ᠢᠨ ᠠᠭᠤᠯᠤᠭᠳᠠᠴᠠ ᠳ᠋ᠤ ᠵᠠᠳᠠᠯᠤᠯᠳᠠ ᠬᠢᠭᠰᠠᠨ  ᠳ᠋ᠦᠩ ᠳ᠋ᠤ ᠂ ᠵᠠᠭᠠᠯᠳᠣᠭᠳᠠᠭᠴᠢ ᠠᠮᠤᠭᠤᠯᠠᠩᠴᠢᠰᠤᠨ ᠳ᠋ᠡᠬᠢ ᠰᠫᠢᠷᠲᠠᠭᠣᠯᠣᠭᠳᠠᠴᠠ ᠨᠢ 124.13mg/100ml ᠪᠠᠶᠢᠵᠦ ᠂ ᠰᠤᠭᠳᠤᠭᠤ ᠪᠡᠷ ᠮᠠᠰᠢᠨᠲᠦ ᠲᠡᠷᠭᠡ ᠵᠢᠯᠤᠭᠤᠳᠤᠭᠰᠠᠨ ᠳ᠋ᠥ ᠪᠠᠭᠳᠠᠨ᠎ᠠ ᠃

ᠲᠡᠭᠡᠷᠡᠬᠢ ᠪᠤᠳᠠᠲᠦ ᠬᠡᠷᠡᠭ ‍ᠢ ᠨᠣᠳᠠᠯᠠᠨ ᠲᠣᠭᠳᠠᠭᠠᠵᠦ ᠴᠢᠳᠠᠬᠣ ᠭᠡᠷᠡᠴᠢ ᠪᠠᠷᠢᠮᠳᠡ ᠨᠢ ᠄ ᠬᠡᠷᠡᠭ ‍ᠢ ᠬᠦᠯᠢᠶᠡᠨ ᠠᠪᠤᠭᠰᠠᠨ ᠲᠡᠮᠳᠡᠭᠯᠡᠯ ᠂ ᠬᠡᠷᠡᠭ ᠪᠤᠯᠭᠠᠭᠰᠠᠨ ᠲᠤᠭᠳᠠᠭᠠᠯᠲᠠ ᠶ᠋ᠢᠨ ᠪᠢᠴᠢᠭ ᠂  ᠵᠠᠭᠠᠯᠳᠤᠭᠳᠠᠭᠴᠢ ᠶ᠋ᠢᠨ ᠴᠢᠰᠦᠨ ᠲᠡᠬᠢ ᠰᠫᠢᠷᠲ ᠶ᠋ᠢᠨ ᠠᠭᠤᠯᠤᠭᠳᠠᠴᠠ ᠳ᠋ᠥ ᠵᠠᠳᠠᠯᠤᠯᠲᠠ ᠬᠢᠭᠰᠡᠨ ᠮᠡᠳᠡᠭᠦᠯᠦᠯᠲᠡ ᠶ᠋ᠢᠨ ᠪᠢᠴᠢᠭ ᠂ ᠵᠠᠭᠠᠯᠳᠣᠭᠳᠠᠭᠴᠢ ᠶ᠋ᠢᠨ ᠦᠴᠢᠭᠯᠡᠯ ᠵᠢᠴᠢ ᠲᠡᠬᠦᠨ  ᠵᠢᠯᠤᠭᠤᠳᠣᠭᠰᠠᠨ ᠮᠠᠰᠢᠨ ᠲᠡᠷᠭᠡᠵᠢᠷᠣᠭ ᠰᠡᠭᠦᠳᠡᠷ ᠂ ᠡᠷᠬᠡᠰᠢᠶᠡᠭᠳᠡᠨ ᠪᠠᠷᠢᠪᠴᠢᠯᠠᠭᠳᠠᠭᠰᠠᠨ ᠦᠩᠬᠡᠷᠡᠯᠳᠡ ᠶ᠋ᠢᠨ ᠳᠠᠭᠤᠤ ᠲᠦᠷᠰᠦ ᠶ᠋ᠢᠨ ᠰᠢᠩᠭᠡᠭᠡᠯᠳᠡ ᠶ᠋ᠢᠨ ᠮᠠᠲ᠋ᠸᠷᠢᠶᠠᠯ ᠵᠡᠷᠭᠡ ᠭᠡᠷᠡᠴᠢ ᠨᠣᠭᠦᠳ ᠪᠠᠵᠢᠨ᠎ᠠ ᠃ ᠵᠠᠭᠠᠯᠳᠣᠭᠳᠠᠭᠴᠢ ᠠᠮᠤᠭᠤᠯᠠᠩ ᠴᠣ ᠦᠪᠡᠷᠡᠳᠦᠭᠦᠯᠦᠭᠰᠡᠨ ᠠᠶᠤᠯ ᠲᠠᠢ ᠪᠡᠷ ᠲᠡᠷᠭᠡ ᠵᠢᠯᠤᠭᠤᠳᠤᠭᠰᠠᠨ ᠶᠠᠯ᠎ᠠ ᠪᠡᠨ ᠪᠣᠴᠠᠯᠳᠡ ᠦᠭᠡᠢ ᠦᠴᠢᠭᠯᠡᠨ ᠮᠡᠳᠡᠷᠡᠵᠦ ᠪᠠᠵᠢᠨ᠎ᠠ ᠃ 

ᠮᠠᠨ  ᠬᠤᠷᠢᠶᠠᠨ  ᠦᠵᠡᠬᠦ ᠪᠡᠷ ᠂ ᠵᠠᠭᠠᠯᠳᠣᠭᠳᠠᠭᠴᠢ ᠠᠮᠤᠭᠤᠯᠠᠩ ᠨᠢ ᠵᠠᠮ ᠬᠠᠷᠢᠯᠴᠠᠭᠠᠨ  ᠬᠠᠮᠢᠶᠠᠷᠣᠯᠳᠠ ᠶ᠋ᠢᠨ ᠲᠦᠷᠢᠮ ᠲᠤᠭᠳᠠᠭᠠᠯ ‍ᠢ ᠵᠦᠷᠢᠴᠡᠵᠦ ᠂ ᠵᠠᠮ ᠲᠡᠭᠡᠷ᠎ᠡ ᠰᠤᠭᠳᠤᠭᠤ ᠪᠡᠷ ᠮᠠᠰᠢᠨ ᠲᠡᠷᠭᠡ ᠵᠢᠯᠤᠭᠤᠳᠤᠭᠰᠠᠨ ᠦᠢᠯᠡ ᠠᠵᠢᠯᠯᠠᠭ᠎ᠠ ᠨᠢ ᠨᠢᠭᠡᠨᠳᠡ 《ᠪᠦᠭᠦᠳᠡ ᠨᠠᠶᠢᠷᠠᠮᠳᠠᠬᠣ ᠲᠣᠮᠳᠡᠳᠦ ᠠᠷᠠᠳ ᠣᠯᠣᠰᠡᠷᠡᠭᠦᠦ ᠶ᠋ᠢᠨ ᠬᠠᠦᠯᠢ 》ᠶ᠋ᠢᠨ ᠨᠢᠭᠡ ᠵᠠᠭᠤ ᠭᠤᠴᠢᠨ ᠭᠤᠷᠪᠠᠳᠤᠭᠠᠷ ᠵᠦᠢᠯᠨᠢᠭᠡ ᠶ᠋ᠢᠨ ᠨᠢᠭᠡᠳᠦᠭᠡᠷ ᠵᠤᠷᠪᠤᠰᠬᠤᠶᠠᠳᠤᠭᠠᠷ ᠠᠭᠤᠯᠭ᠎ᠠ ᠶ᠋ᠢᠨ ᠲᠣᠭᠳᠠᠭᠠᠯ ᠳ᠋ᠦ ᠬᠠᠯᠳᠠᠵᠦ ᠂ ᠶᠠᠯ᠎ᠠ ᠬᠢᠭᠰᠡᠨ ᠪᠣᠳᠡᠳᠦ ᠶᠠᠪᠣᠳᠡᠯ ᠨᠢ ᠲᠣᠳᠣᠷᠬᠠᠢ ᠂ ᠭᠡᠷᠡᠴᠢ ᠪᠠᠷᠢᠮᠳᠡ ᠨᠢ ᠦᠨᠡᠨ ᠪᠣᠳᠡᠳᠡᠢ ᠂ ᠪᠦᠷᠢᠨ ᠭᠦᠢᠴᠡᠳ ᠲᠤᠯᠠ ᠵᠠᠭᠠᠯᠳᠤᠭᠳᠠᠭᠴᠢ ᠠᠮᠤᠭᠤᠯᠠᠩ ‍ᠢ ᠠᠶᠤᠯ ᠲᠠᠢ ᠪᠡᠷ ᠲᠡᠷᠭᠡ ᠵᠢᠯᠤᠭᠤᠳᠤᠭᠰᠠᠨ ᠶᠠᠯ᠎ᠠ ᠪᠡᠷ ᠡᠷᠡᠭᠦᠤ ᠶ᠋ᠢᠨ ᠬᠠᠷᠢᠭᠤᠴᠠᠯᠭ᠎ᠠ ᠨᠡᠬᠡᠮᠵᠢᠯᠡᠪᠡᠯ ᠵᠤᠬᠢᠨ᠎ᠠ ᠃ ᠡᠶᠢᠮᠦ ᠡᠴᠠ 《ᠪᠦᠭᠦᠳᠡ ᠨᠡᠶᠢᠷᠡᠮᠳᠠᠬᠤ ᠲᠤᠮᠳᠠᠳᠤ ᠠᠷᠠᠳ ᠤᠯᠤᠰᠡᠷᠡᠭᠦᠦ ᠶ᠋ᠢᠨ ᠵᠠᠷᠭᠤ ᠶ᠋ᠢᠨ ᠬᠠᠤᠯᠢ 》ᠶ᠋ᠢᠨ ᠨᠢᠭᠡ ᠵᠠᠭᠣ ᠲᠠᠯᠠᠨ ᠬᠣᠶᠠᠳᠣᠭᠠᠷ ᠵᠤᠶᠢᠯᠲᠤᠭᠳᠠᠭᠠᠯ ‍ᠢ ᠦᠨᠳᠦᠰᠦᠯᠠᠨ ᠂ ᠲᠠᠨ  ᠬᠤᠷᠢᠶᠠᠨ ᠳ᠋ᠥ ᠠᠯᠪᠠᠨ ᠵᠠᠭᠠᠯᠳᠤᠯᠭ᠎ᠠ ᠭᠠᠷᠭᠠᠪᠠ ᠃ ᠬᠠᠤᠯᠢ ᠶᠤᠰᠤᠭᠠᠷ ᠰᠢᠳᠭᠡᠭᠦ ᠪᠤᠯᠪᠠᠤ ᠃

ᠡᠭᠦᠨ᠎ᠡ

ᠰᠦᠨᠢᠳ ᠵᠡᠭᠦᠨ ᠬᠤᠰᠢᠭᠤᠨ  ᠠᠷᠠᠳᠰᠢᠬᠦᠬᠦ ᠬᠤᠷᠢᠶᠠᠨ ᠳ᠋ᠥ 


                                                                            ᠪᠠᠶᠢᠴᠠᠭᠠᠭᠴᠢ ᠄ 


                                                                         2017 ᠣᠨ  3 ᠰᠠᠷ᠎ᠠ ᠶ᠋ᠢᠨ 2  ᠡᠳᠦᠷ

ᠲᠠᠭᠠᠯᠳᠣᠭᠣᠯᠣᠯ ᠄


2 ᠂ ᠭᠡᠷᠡᠭᠡᠪᠬᠡᠮᠡᠯ ᠨᠠᠶᠢᠳᠡ ᠬᠣᠶᠠᠷ ᠪᠤᠳᠢ ᠂ ᠬᠡᠷᠡᠯᠯᠢᠭ ᠲᠠᠪᠠᠭ ᠨᠢᠭᠡ ᠬᠤᠪᠢ ᠃


ᠢᠷᠡᠯᠲᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro