ᠥᠪᠥᠷ ᠮᠣᠩᠭᠣᠯ 内蒙古
ᠦᠬᠠᠶ ᠬᠣᠲᠠ ᠵᠢᠨ ᠤᠳᠠ ᠲᠣᠭᠣᠷᠢᠭᠪᠠᠶᠢᠴᠠᠭᠠᠬᠤ ᠬᠣᠷᠢᠶ᠎ᠠ ᠸᠠᠩ ᠶᠦᠩ ᠮᠢᠩ ᠵᠡᠷᠭᠡ ᠬᠥᠮᠦᠰᠬᠠᠷᠠ ᠪᠦᠯᠦᠭᠲᠡᠨ ᠳᠦ ᠬᠣᠯᠪᠣᠭᠳᠠᠭᠰᠠᠨ ᠬᠡᠷᠡᠭ ᠲᠦ ᠬᠠᠸᠯᠢ ᠶᠣᠰᠣᠭᠠᠷ ᠠᠯᠪᠠᠨ ᠵᠠᠭᠠᠯᠳᠤᠯᠭ᠎ᠠ ᠭᠠᠷᠭᠠᠪᠠ
ᠪᠤᠭᠤᠲᠤ ᠬᠣᠲᠠ ᠵᠢᠨ ᠸᠠᠩ ᠶᠦᠩ ᠮᠢᠩ ᠵᠡᠷᠭᠡ ᠬᠥᠮᠦᠰᠬᠠᠷᠠ ᠪᠦᠯᠦᠭᠲᠡᠨ ᠦ ᠴᠢᠨᠠᠷᠲᠠᠶ ᠵᠣᠬᠢᠶᠠᠨ ᠪᠠᠶᠢᠭᠤᠯᠤᠯᠲᠠ ᠵᠣᠬᠢᠶᠠᠨ ᠪᠠᠶᠢᠭᠤᠯᠤᠭᠰᠠᠨ ᠂ ᠤᠳᠤᠷᠢᠳᠤᠭᠰᠠᠨ ᠂ ᠣᠷᠣᠯᠴᠠᠭᠰᠠᠨ ᠵᠡᠷᠭᠡ ᠶᠠᠯ᠎ᠠ ᠬᠢᠭᠰᠡᠨ ᠰᠡᠵᠢᠭᠯᠡᠯᠲᠡᠢ ᠬᠡᠷᠡᠭ ᠢ ᠥᠪᠥᠷ ᠮᠣᠩᠭᠣᠯᠥᠪᠡᠷᠲᠡᠭᠡᠨ ᠵᠠᠰᠠᠬᠤ ᠣᠷᠣᠨ ᠠᠷᠠᠳᠪᠠᠶᠢᠴᠠᠭᠠᠬᠤ ᠬᠣᠷᠢᠶ᠎ᠠ ᠬᠠᠷᠢᠶᠠᠯᠠᠯ ᠢ ᠵᠢᠭᠠᠨ ᠲᠣᠭᠲᠠᠭᠠᠭᠠᠳ ᠦᠬᠠᠶ ᠬᠣᠲᠠ ᠵᠢᠨ ᠤᠳᠠ ᠲᠣᠭᠣᠷᠢᠭᠪᠠᠶᠢᠴᠠᠭᠠᠬᠤ ᠬᠣᠷᠢᠶ᠎ᠠ ᠵᠠᠭᠠᠯᠳᠤᠬᠤ ᠬᠢᠨᠠᠨ ᠪᠠᠶᠢᠴᠠᠭᠠᠪᠠ ᠃
ᠣᠶᠢᠷ᠎ᠠ ᠳᠤ ᠂ ᠦᠬᠠᠶ ᠬᠣᠲᠠ ᠵᠢᠨ ᠤᠳᠠ ᠲᠣᠭᠣᠷᠢᠭᠪᠠᠶᠢᠴᠠᠭᠠᠬᠤ ᠬᠣᠷᠢᠶ᠎ᠠ ᠬᠢᠨᠠᠨ ᠪᠠᠶᠢᠴᠠᠭᠠᠵᠤ ᠳᠠᠭᠤᠰᠬᠠᠭᠠᠳ ᠂ ᠵᠠᠭᠠᠯᠳᠤᠭᠳᠠᠭᠴᠢ ᠸᠠᠩ ᠶᠦᠩ ᠮᠢᠩ ᠵᠡᠷᠭᠡ ᠬᠥᠮᠦᠰᠬᠠᠷᠠ ᠪᠦᠯᠦᠭᠲᠡᠨ ᠦ ᠴᠢᠨᠠᠷᠲᠠᠶ ᠵᠣᠬᠢᠶᠠᠨ ᠪᠠᠶᠢᠭᠤᠯᠤᠯᠲᠠ ᠵᠣᠬᠢᠶᠠᠨ ᠪᠠᠶᠢᠭᠤᠯᠤᠭᠰᠠᠨ ᠂ ᠤᠳᠤᠷᠢᠳᠤᠭᠰᠠᠨ ᠂ ᠣᠷᠣᠯᠴᠠᠭᠰᠠᠨ ᠶᠠᠯ᠎ᠠ ᠂ ᠬᠢᠬᠠᠨ ᠮᠡᠬᠡᠯᠡᠭᠰᠡᠨ ᠶᠠᠯ᠎ᠠ ᠂ ᠬᠢᠬᠠᠨ ᠱᠤᠯᠤᠭᠰᠠᠨ ᠶᠠᠯ᠎ᠠ᠂ ᠥ ᠡᠷᠢᠵᠦ ᠬᠡᠷᠡᠭ ᠦᠳᠦᠭᠰᠡᠨ ᠶᠠᠯ᠎ᠠ ᠂ ᠠᠯᠪᠠᠲᠠᠨ ᠠᠷᠠᠯᠵᠢᠶᠠᠯᠠᠭᠰᠠᠨ ᠶᠠᠯ᠎ᠠ ᠂ ᠬᠠᠸᠯᠢ ᠪᠤᠰᠤ ᠪᠠᠷ ᠬᠣᠷᠢᠭᠰᠠᠨ ᠶᠠᠯ᠎ᠠ ᠂ ᠣᠷᠣᠨ ᠰᠠᠭᠤᠴᠠ ᠳᠤ ᠬᠠᠸᠯᠢ ᠪᠤᠰᠤ ᠪᠠᠷ ᠳᠦᠷᠢᠨ ᠤᠷᠤᠭᠰᠠᠨ ᠶᠠᠯ᠎ᠠ ᠂ ᠵᠣᠷᠢᠭᠤᠳᠠ ᠭᠡᠮᠲᠦᠭᠡᠭᠰᠡᠨ ᠶᠠᠯ᠎ᠠ ᠂ ᠥᠮᠥᠭᠯᠡᠭᠰᠡᠨ ᠶᠠᠯ᠎ᠠ ᠂ ᠬᠡᠭᠡᠯᠢ ᠲᠦᠯᠬᠢᠭᠰᠡᠨ ᠶᠠᠯ᠎ᠠ ᠪᠠᠷ ᠦᠬᠠᠶ ᠬᠣᠲᠠ ᠵᠢᠨ ᠤᠳᠠ ᠲᠣᠭᠣᠷᠢᠭᠠᠷᠠᠳᠰᠢᠭᠦᠬᠦ ᠬᠣᠷᠢᠶ᠎ᠠ ᠳᠤ ᠠᠯᠪᠠᠨ ᠵᠠᠭᠠᠯᠳᠤᠯᠭ᠎ᠠ ᠭᠠᠷᠭᠠᠪᠠ ᠃
ᠪᠠᠶᠢᠴᠠᠭᠠᠬᠤ ᠪᠠᠶᠢᠭᠤᠯᠭ᠎ᠠ ᠵᠠᠭᠠᠯᠳᠤᠬᠤ ᠬᠢᠨᠠᠨ ᠪᠠᠶᠢᠴᠠᠭᠠᠬᠤ ᠱᠠᠲᠤᠨ ᠳᠤ ᠂ ᠵᠠᠭᠠᠯᠳᠤᠭᠳᠠᠭᠴᠢ ᠸᠠᠩ ᠶᠦᠩ ᠮᠢᠩ ᠵᠡᠷᠭᠡ ᠬᠥᠮᠦᠰᠡᠳ᠋ᠯᠡᠬᠦ ᠵᠠᠷᠭᠤᠯᠳᠤᠬᠤ ᠡᠷᠬᠡ ᠬᠠᠤᠯᠢ ᠶᠣᠰᠣᠭᠠᠷ ᠮᠡᠳᠡᠭᠳᠡᠭᠰᠡᠨ ᠪᠥᠭᠡᠳ ᠵᠠᠭᠠᠯᠳᠤᠭᠳᠠᠭᠴᠢ ᠠᠴᠠ ᠬᠠᠤᠯᠢ ᠶᠣᠰᠣᠭᠠᠷ ᠰᠢᠭᠦᠨ ᠠᠰᠠᠭᠤᠵᠤ ᠂ ᠥᠮᠥᠭᠯᠡᠭᠴᠢ ᠵᠢᠨ ᠰᠠᠨᠠᠯ ᠢ ᠰᠣᠨᠣᠰᠴᠠᠶ ᠃