ᠲᠠᠷᠬᠠᠨ ᠮᠣᠣᠮᠢᠩᠭᠠᠨ ᠬᠣᠯᠪᠣᠭᠠᠲᠤ ᠬᠣᠰᠢᠭᠤᠨ ᠠᠷᠠᠳᠪᠠᠶᠢᠴᠠᠭᠠᠬᠤ ᠬᠣᠷᠢᠶᠠᠨ ᠵᠠᠭᠠᠯᠳᠤᠬᠤ ᠪᠢᠴᠢᠭ
ᠦ ᠪᠤ ᠲᠠ ᠪᠠᠶᠢ ᠵᠠ (2013 )38 ᠳ᠋ᠤᠭᠠᠷ ᠲᠣᠭᠠᠲᠤ
ᠵᠠᠭᠠᠯᠳᠤᠭᠳᠠᠭᠴᠢ ᠮᠣᠩᠭᠣᠯ ᠦᠨᠳᠦᠰᠦᠲᠡᠨ ᠂ ᠪᠠᠭ᠎ᠠ ᠰᠤᠷᠭᠠᠭᠤᠯᠢ ᠶ᠋ᠢᠨ ᠰᠣᠶᠣᠯᠬᠡᠮᠵᠢᠶᠡ ᠲᠠᠢ ᠂ ᠰᠠᠭᠤᠭ᠎ᠠ ᠭᠠᠵᠠᠷ ᠄ ᠪᠤᠭᠤᠲᠤ ᠬᠣᠲᠠ ᠶ᠋ᠢᠨ ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠮᠠᠨᠳᠤᠯ᠎ᠠ ᠪᠠᠯᠭᠠᠰᠤ ᠶ᠋ᠢᠨ ᠪᠠᠶᠠᠨᠬᠠᠰ ᠭᠠᠴᠠᠭ᠎ᠠ ᠶ᠋ᠢᠨ ᠵᠡᠭᠦᠨ ᠪᠠᠷᠢᠭᠠᠳᠠ ᠃ 2002 ᠣᠨ 5 ᠰᠠᠷ᠎ᠠ ᠶ᠋ᠢᠨ 29 ᠡᠲᠦᠷ ᠬᠤᠯᠠᠭᠠᠶᠢᠯᠠᠭᠰᠠᠨ ᠶᠠᠯ᠎ᠠ ᠬᠢᠭᠰᠡᠨᠡᠴᠠᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠠᠷᠠᠳᠰᠢᠭᠦᠬᠦ ᠬᠣᠷᠢᠶᠠᠨ ᠳ᠋ᠣ ᠬᠣᠶᠠᠷ ᠵᠢᠯ ᠥᠨ ᠬᠤᠭᠤᠴᠠᠭ᠎ᠠ ᠲᠠᠢ ᠬᠣᠷᠢᠬᠤ ᠪᠠᠷ ᠰᠢᠳᠭᠡᠭᠳᠡᠪᠡ ᠃ 2013 ᠣᠨ 4 ᠰᠠᠷ᠎ᠠ ᠶ᠋ᠢᠨ 12 ᠡᠲᠦᠷ ᠬᠦᠴᠦᠷᠬᠡᠭᠯᠡᠨ ᠨᠥᠵᠢᠳᠯᠡᠭᠰᠡᠨ ᠶᠠᠯ᠎ᠠ ᠂ ᠳᠡᠭᠡᠷᠡᠮᠳᠡᠭᠰᠡᠨ ᠶᠠᠯ᠎ᠠ ᠳ᠋ᠣ ᠰᠡᠵᠢᠭᠯᠡᠭᠳᠡᠭᠰᠡᠨᠢᠶ᠋ᠠᠷ ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠳᠣᠲᠣᠭᠠᠳᠤ ᠶ᠋ᠢ ᠬᠠᠮᠠᠭᠠᠯᠠᠬᠤ ᠲᠣᠪᠴᠢᠶ᠎ᠠ ᠳ᠋ᠣ ᠡᠷᠡᠭᠦᠦ ᠶ᠋ᠢᠨ ᠬᠡᠷᠡᠭ ᠢᠶ᠋ᠡᠷ ᠲᠦᠷ ᠬᠣᠷᠢᠭᠳᠠᠪᠠ ᠂ ᠲᠣᠰ ᠵᠢᠯ ᠥᠨ 4 ᠰᠠᠷ᠎ᠠ ᠶ᠋ᠢᠨ19 ᠡᠲᠦᠷ ᠮᠠᠨ ᠬᠣᠷᠢᠶᠠᠨ ᠵᠥᠪᠰᠢᠶᠡᠷᠡᠯ ᠢᠶ᠋ᠡᠷ ᠬᠠᠤᠯᠢ ᠶᠣᠰᠣᠭᠠᠷ ᠪᠠᠷᠢᠪᠴᠢᠯᠠᠭᠳᠠᠪᠠ ᠃
ᠲᠣᠰ ᠬᠡᠷᠡᠭ ᠢ ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠳᠣᠲᠣᠭᠠᠳᠤ ᠶ᠋ᠢ ᠬᠠᠮᠠᠭᠠᠯᠠᠬᠤ ᠲᠣᠪᠴᠢᠶ᠎ᠠ ᠡᠴᠠ ᠮᠥᠷᠳᠡᠨ ᠪᠠᠶᠢᠴᠠᠭᠠᠨ ᠳᠠᠭᠤᠰᠴᠤ ᠂ ᠵᠠᠭᠠᠯᠳᠤᠭᠳᠠᠭᠴᠢ ᠳᠠᠯᠠᠢ ᠬᠦᠴᠦᠷᠬᠡᠭᠯᠡᠨ ᠨᠥᠵᠢᠳᠯᠡᠭᠰᠡᠨ ᠶᠠᠯ᠎ᠠ ᠂ ᠳᠡᠭᠡᠷᠡᠮᠳᠡᠭᠰᠡᠨ ᠶᠠᠯ᠎ᠠ ᠳ᠋ᠣ ᠰᠡᠵᠢᠭᠯᠡᠭᠳᠡᠭᠰᠡᠨ ᠢᠶ᠋ᠡᠷ ᠂ 2013 ᠣᠨ 6 ᠰᠠᠷ᠎ᠠ ᠶ᠋ᠢᠨ 18 ᠡᠲᠦᠷ ᠲᠣᠰ ᠬᠣᠷᠢᠶᠠᠨ ᠳ᠋ᠣ ᠬᠢᠨᠠᠨ ᠵᠠᠭᠠᠯᠳᠤᠭᠤᠯᠬᠤ ᠪᠠᠷ ᠰᠢᠯᠵᠢᠭᠦᠯᠦᠨ ᠢᠷᠡᠭᠦᠯᠵᠡᠢ ᠃ ᠲᠣᠰ ᠬᠣᠷᠢᠶ᠎ᠠ ᠬᠦᠯᠢᠶᠡᠨ ᠠᠪᠤᠭᠰᠠᠨ ᠳᠠᠷᠠᠭ᠎ᠠ ᠂ ᠬᠠᠤᠯᠢ ᠶᠣᠰᠣᠭᠠᠷ ᠵᠠᠭᠠᠯᠳᠤᠭᠳᠠᠭᠴᠢ ᠳ᠋ᠣ ᠥᠮᠥᠭᠯᠡᠭᠴᠢ ᠨᠠᠶᠢᠳᠠᠬᠤ ᠡᠷᠬᠡ ᠲᠠᠢ ᠭᠡᠲᠡᠭ ᠢ ᠬᠡᠯᠡᠵᠦ ᠥᠭᠴᠦ ᠂ ᠬᠣᠣᠷᠯᠠᠭᠳᠠᠭᠴᠢ ᠳ᠋ᠣ ᠵᠠᠷᠭᠤ ᠶ᠋ᠢᠨ ᠣᠷᠣᠯᠠᠭᠴᠢ ᠨᠠᠶᠢᠳᠠᠬᠤ ᠡᠷᠬᠡ ᠲᠠᠢ ᠭᠡᠲᠡᠭ ᠢ ᠨᠢᠭᠡᠨᠲᠡ ᠬᠡᠯᠡᠵᠦ ᠥᠭᠪᠡ ᠂ ᠵᠠᠭᠠᠯᠳᠤᠭᠳᠠᠭᠴᠢ ᠶ᠋ᠢ ᠬᠠᠤᠯᠢ ᠶᠣᠰᠣᠭᠠᠷ ᠪᠠᠶᠢᠴᠠᠭᠠᠨ ᠠᠰᠠᠭᠤᠵᠤ ᠂ ᠬᠣᠣᠷᠯᠠᠭᠳᠠᠭᠴᠢ ᠶ᠋ᠢᠨ ᠰᠠᠨᠠᠯ ᠢ ᠰᠣᠨᠣᠰᠴᠤ ᠂ ᠪᠦᠬᠦ ᠬᠡᠷᠡᠭ ᠥᠨ ᠮᠠᠲ᠋ᠧᠷᠢᠶᠠᠯ ᠢ ᠬᠢᠨᠠᠨ ᠪᠠᠶᠢᠴᠠᠭᠠᠪᠠ ᠃ 2013 ᠣᠨ 7 ᠰᠠᠷ᠎ᠠ ᠶ᠋ᠢᠨ 16 ᠡᠲᠦᠷ ᠭᠡᠷᠡᠴᠢ ᠪᠠᠷᠢᠮᠲᠠ ᠪᠦᠷᠢᠨ ᠭᠦᠢᠴᠡᠳ ᠦᠭᠡᠢ ᠡᠴᠡ ᠲᠤᠷᠰᠢᠨ ᠪᠠᠶᠢᠴᠠᠭᠠᠬᠤ ᠪᠠᠶᠢᠭᠤᠯᠭ᠎ᠠ ᠳ᠋ᠣ ᠨᠥᠬᠥᠪᠦᠷᠢᠯᠡᠨ ᠲᠤᠷᠰᠢᠨ ᠪᠠᠶᠢᠴᠠᠭᠠᠯᠭᠠᠬᠤ ᠪᠠᠷ ᠪᠤᠴᠠᠭᠠᠵᠤ ᠂ 2013 ᠣᠨ 8 ᠰᠠᠷ᠎ᠠ ᠶ᠋ᠢᠨ 15 ᠡᠲᠦᠷ ᠲᠤᠷᠰᠢᠨ ᠪᠠᠶᠢᠴᠠᠭᠠᠬᠤ ᠪᠠᠶᠢᠭᠤᠯᠭ᠎ᠠ ᠡᠴᠠ ᠨᠥᠬᠥᠪᠦᠷᠢᠯᠡᠨ ᠪᠠᠶᠢᠴᠠᠭᠠᠨ ᠳᠠᠭᠤᠰᠴᠤ ᠬᠢᠨᠠᠨ ᠵᠠᠭᠠᠯᠳᠤᠭᠤᠯᠬᠤ ᠪᠠᠷ ᠲᠠᠬᠢᠨ ᠰᠢᠯᠵᠢᠭᠦᠯᠦᠨ ᠢᠷᠡᠭᠦᠯᠵᠡᠢ ᠃
ᠬᠠᠤᠯᠢ ᠶᠣᠰᠣᠭᠠᠷ ᠬᠢᠨᠠᠨ ᠪᠠᠶᠢᠴᠠᠭᠠᠨ ᠲᠣᠳᠣᠯᠠᠭᠰᠠᠨ ᠨᠢ ᠄
2013 ᠣᠨ 3 ᠰᠠᠷ᠎ᠠ ᠶ᠋ᠢᠨ 12 ᠡᠲᠦᠷ ᠥᠨ ᠥᠷᠯᠥᠭᠡ ᠶ᠋ᠢᠨ 2 ᠴᠠᠭᠦᠶ᠎ᠡ ᠳ᠋ᠥ ᠂ ᠵᠠᠭᠠᠯᠳᠤᠭᠳᠠᠭᠴᠢ ᠳᠠᠯᠠᠢ ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠪᠠᠲᠤᠬᠠᠭᠠᠯᠭ᠎ᠠ ᠪᠠᠯᠭᠠᠰᠤ ᠶ᠋ᠢᠨ ᠴᠢᠯᠦᠭᠡᠯᠡᠬᠦ ᠵᠡᠭᠡᠯᠢ ᠳ᠋ᠥ ᠪᠠᠶᠢᠷᠢᠯᠠᠵᠤ ᠪᠠᠶᠢᠭ᠎ᠠ ᠳ᠋ᠦ᠋ ᠣᠪᠣᠭᠲᠤ (ᠡᠮᠡᠭᠲᠡᠢ ᠂1943 ᠣᠨ 6 ᠰᠠᠷ᠎ᠠ ᠶ᠋ᠢᠨ 20 ᠡᠳᠦᠷ ᠲᠥᠷᠥᠭᠰᠡᠨ ) ᠶ᠋ᠢᠨ ᠭᠡᠷ ᠳ᠋ᠥ ᠳᠤᠷ᠎ᠠ ᠪᠠᠷ ᠢᠶᠡᠨ ᠲᠦᠷᠢᠨ ᠣᠷᠣᠵᠤ ᠂ ᠬᠦᠴᠦᠷᠬᠡᠭᠯᠡᠯ ᠢᠶ᠋ᠡᠷ ᠬᠣᠣᠷᠯᠠᠭᠳᠠᠭᠴᠢ ᠳ᠋ᠦ᠋ ᠣᠪᠣᠭᠲᠤ ᠶ᠋ᠢᠨ ᠭᠠᠷ ᠲᠠᠬᠢ ᠨᠢᠭᠡᠨ ᠠᠯᠲᠠᠨ ᠪᠥᠭᠡᠵᠢ ᠶ᠋ᠢ ᠳᠡᠭᠡᠷᠡᠮᠳᠡᠨ ᠠᠪᠤᠭᠰᠠᠨ ᠂ ᠦᠨ᠎ᠡ ᠬᠠᠩᠰᠢ ᠮᠡᠳᠡᠷᠡᠨ ᠮᠠᠭᠠᠳᠯᠠᠭᠰᠠᠨ ᠢᠶᠠᠷ ᠠᠯᠲᠠᠨ ᠪᠥᠬᠡᠵᠢ ᠶ᠋ᠢᠨ ᠦᠨ᠎ᠡ ᠨᠢ 1660 ᠲᠥᠭᠥᠷᠢᠭ ᠠᠷᠠᠳᠵᠣᠭᠣᠰ ᠃ ᠵᠠᠭᠠᠯᠳᠤᠭᠳᠠᠭᠴᠢ ᠳᠠᠯᠠᠢ ᠬᠣᠣᠷᠯᠠᠭᠳᠠᠭᠴᠢ ᠳ᠋ᠦ᠋ ᠣᠪᠣᠭᠲᠤ ᠶ᠋ᠢᠨ ᠠᠯᠲᠠᠨ ᠪᠥᠭᠡᠵᠢ ᠶ᠋ᠢ ᠳᠡᠭᠡᠷᠡᠮᠳᠡᠨ ᠠᠪᠤᠭᠰᠠᠨ ᠰᠡᠭᠦᠯᠡᠷ ᠳᠠᠬᠢᠨ ᠬᠦᠴᠦᠷᠬᠡᠭᠯᠡᠯ ᠢᠶ᠋ᠡᠷ ᠲᠡᠭᠦᠨ ᠢ ᠬᠠᠨᠵᠤᠨ ᠳᠡᠭᠡᠷ᠎ᠡ ᠳᠠᠷᠤᠨ ᠣᠨᠠᠭᠠᠵᠣ ᠬᠦᠴᠦᠷᠬᠡᠭᠯᠡᠨ ᠨᠥᠵᠢᠳᠯᠡᠪᠡ ᠃
2013 ᠣᠨ 2 ᠰᠠᠷ᠎ᠠ ᠳ᠋ᠣ ᠂ ᠵᠠᠭᠠᠯᠳᠤᠭᠳᠠᠭᠴᠢ ᠳᠠᠯᠠᠢ ᠨᠠᠶᠢᠵᠠ ᠶᠠᠩ ᠪᠢᠨ ᠥᠨ ᠭᠠᠷ ᠡᠴᠠ 5000 ᠲᠥᠭᠥᠷᠢᠭ ᠥᠨ ᠦᠨ᠎ᠡ ᠪᠡᠷ ᠢᠷᠡᠯᠲᠡ ᠨᠢ ᠲᠣᠳᠣ ᠦᠭᠡᠢ ᠨᠢᠭᠡᠨ ᠡᠦ ᠯᠢᠩ ᠲᠡᠮᠳᠡᠭᠲᠦ ᠮᠤᠬᠤᠯᠠᠭ ᠮᠠᠰᠢᠨ (ᠲᠣᠰ ᠲᠡᠷᠭᠡ ᠨᠢ ᠭᠦᠸᠸ ᠶᠥᠩ 2013 ᠣᠨ 2 ᠰᠠᠷ᠎ᠠ ᠶ᠋ᠢᠨ 10 ᠡᠳᠦᠷ ᠬᠤᠯᠠᠭᠠᠶᠢᠯᠠᠭᠳᠠᠭᠰᠠᠨᠡᠦ ᠯᠢᠩ ᠲᠡᠮᠳᠡᠭᠲᠦ ᠮᠤᠬᠤᠯᠠᠭ ᠮᠠᠰᠢᠨ) ᠢ ᠬᠤᠳᠠᠯᠳᠤᠨ ᠠᠪᠤᠪᠠ ᠃ ᠵᠠᠭᠠᠯᠳᠤᠭᠳᠠᠭᠴᠢ ᠳᠠᠯᠠᠢ ᠲᠡᠷᠭᠡ ᠶ᠋ᠢ ᠬᠤᠳᠠᠯᠳᠤᠨ ᠠᠪᠤᠭᠰᠠᠨ ᠦᠨ᠎ᠡ ᠨᠢ ᠵᠠᠬ᠎ᠠ ᠳᠡᠯᠭᠡᠭᠦᠷ ᠥᠨ ᠦᠨ᠎ᠡ ᠬᠠᠩᠰᠢ ᠡᠴᠠ ᠮᠡᠳᠡᠭᠳᠡᠮ᠎ᠡ ᠳᠣᠣᠷ᠎ᠠ ᠪᠠᠶᠢᠬᠤ ᠮᠥᠷᠲᠡᠭᠡᠨ ᠶᠠᠮᠠᠷ ᠴᠦ ᠭᠠᠷᠳᠠᠮ ᠭᠦᠢᠴᠡᠳᠬᠡᠭᠰᠡᠨ ᠦᠭᠡᠢ ᠪᠠᠶᠢᠵᠤ ᠂ ᠰᠡᠭᠦᠯᠡᠷ ᠨᠢ ᠲᠣᠰ ᠲᠡᠷᠭᠡ ᠶ᠋ᠢ ᠳᠠᠬᠢᠨ ᠣᠳᠬᠠᠨᠪᠠᠶᠡᠷ ᠲᠣ ᠬᠤᠳᠠᠯᠳᠤᠨ ᠥᠭᠪᠡ ᠃ ᠦᠨ᠎ᠡ ᠬᠠᠩᠰᠢ ᠮᠡᠳᠡᠷᠡᠨ ᠮᠠᠭᠠᠳᠯᠠᠭᠰᠠᠨ ᠢᠶᠠᠷ ᠲᠣᠰ ᠡᠦ ᠯᠢᠩ ᠲᠡᠮᠳᠡᠭᠲᠦ ᠮᠤᠬᠤᠯᠠᠭ ᠮᠠᠰᠢᠨ ᠶ᠋ᠢᠨ ᠦᠨ᠎ᠡ ᠨᠢ 25760 ᠲᠥᠭᠥᠷᠢᠭ ᠠᠷᠠᠳᠵᠣᠭᠣᠰ ᠃
ᠳᠡᠭᠡᠷ᠎ᠡ ᠲᠣᠭᠠᠴᠢᠭᠰᠠᠨ ᠪᠣᠳᠠᠲᠤ ᠶᠠᠪᠤᠳᠠᠯ ᠢ ᠮᠠᠭᠠᠳᠯᠠᠬᠤ ᠭᠡᠷᠡᠴᠢ ᠪᠠᠷᠢᠮᠲᠠ ᠨᠢ ᠳᠣᠣᠷᠠᠬᠢ ᠮᠡᠲᠦ ᠄
( ᠨᠢᠭᠡ )ᠬᠡᠷᠡᠭ ᠮᠡᠳᠡᠭᠦᠯᠦᠭᠰᠡᠨ ᠮᠠᠲ᠋ᠧᠷᠢᠶᠠᠯ ︔
(ᠬᠣᠶᠠᠷ )ᠬᠣᠣᠷᠯᠠᠭᠳᠠᠭᠴᠢ ᠳ᠋ᠦ᠋ ᠣᠪᠣᠭᠲᠤ ᠂ ᠭᠦᠸᠸ ᠶᠥᠩ ᠥᠨ ᠲᠣᠭᠠᠴᠢᠯᠲᠠ ᠶ᠋ᠢᠨ ᠮᠠᠲ᠋ᠧᠷᠢᠶᠠᠯ ︔
(ᠭᠤᠷᠪᠠ)ᠵᠠᠭᠠᠯᠳᠤᠭᠳᠠᠭᠴᠢ ᠳᠠᠯᠠᠢ ᠶ᠋ᠢᠨ ᠥᠴᠢᠭᠯᠡᠯ ᠥᠨ ᠮᠠᠲ᠋ᠧᠷᠢᠶᠠᠯ ︔
(ᠳᠥᠷᠪᠡ )ᠭᠡᠷᠡᠴᠢ ᠬᠥᠮᠥᠨ ᠰᠢᠨ ᠴᠢᠨ ᠂ ᠭᠸ ᠽᠢ ᠰᠢᠤᠸᠨ ᠂ ᠣᠳᠬᠠᠨᠪᠠᠶᠡᠷᠭᠡᠷᠡᠴᠢ ᠦᠭᠡ ︔
( ᠲᠠᠪᠤ᠋ ) ᠲᠤᠬᠠᠢ ᠶ᠋ᠢᠨ ᠲᠠᠯᠠᠪᠠᠢ ᠶ᠋ᠢ ᠬᠠᠵᠢᠨ ᠪᠠᠶᠢᠴᠠᠭᠠᠭᠰᠠᠨ ᠲᠡᠮᠳᠡᠭᠯᠡᠯ ︔
( ᠵᠢᠷᠭᠤᠭ᠎ᠠ ) ᠢᠯᠭᠠᠨ ᠲᠠᠨᠢᠭᠤᠯᠤᠭᠰᠠᠨ ᠲᠡᠮᠳᠡᠭᠯᠡᠯ ︔
( ᠳᠣᠯᠣᠭ᠎ᠠ ) ᠭᠠᠷᠭᠠᠨ ᠠᠪᠤᠭᠰᠠᠨ ᠲᠡᠮᠳᠡᠭᠯᠡᠯ ︔
( ᠨᠠᠢᠮᠠ ) ᠪᠣᠳᠠᠰᠭᠡᠷᠡᠴᠢ ᠶ᠋ᠢ ᠰᠢᠯᠭᠠᠨ ᠪᠠᠶᠢᠴᠠᠭᠠᠭᠰᠠᠨ ᠮᠡᠳᠡᠭᠦᠯᠦᠯᠲᠡ ︔
( ᠶᠢᠰᠦ ) ᠡᠳ᠋ ᠪᠣᠳᠠᠰ ᠢ ᠦᠯᠡᠳᠡᠭᠡᠨ ᠠᠪᠤᠭᠰᠠᠨ ᠳᠠᠩᠰᠠᠯᠠᠯ ︔
( ᠠᠷᠪᠠ)ᠦᠨ᠎ᠡ ᠬᠠᠩᠰᠢ ᠮᠡᠳᠡᠷᠡᠨ ᠮᠠᠭᠠᠳᠯᠠᠭᠰᠠᠨ ᠪᠢᠴᠢᠭ ︔
(ᠠᠷᠪᠠᠨ ᠨᠢᠭᠡ)ᠡᠷᠡᠭᠦᠦ ᠶ᠋ᠢᠨ ᠰᠢᠭᠦᠨ ᠲᠠᠰᠤᠯᠤᠯᠲᠠ ᠶ᠋ᠢᠨ ᠪᠢᠴᠢᠭ ︔
(ᠠᠷᠪᠠᠨ ᠬᠣᠶᠠᠷ)ᠡᠷᠦᠬᠡ ᠠᠮᠠ ᠶ᠋ᠢᠨ ᠭᠡᠷᠡᠴᠢ ᠃
ᠲᠣᠰ ᠬᠣᠷᠢᠶᠠᠨ ᠦᠵᠡᠬᠦ ᠪᠡᠷ ᠂ ᠵᠠᠭᠠᠯᠳᠤᠭᠳᠠᠭᠴᠢ ᠳᠠᠯᠠᠢ ᠬᠠᠤᠯᠢ ᠪᠤᠰᠤ ᠪᠠᠷ ᠥᠪᠡᠷᠴᠢᠯᠡᠬᠦ ᠵᠣᠷᠢᠯᠭ᠎ᠠ ᠪᠠᠷ ᠂ ᠬᠦᠴᠦᠷᠬᠡᠭᠯᠡᠯ ᠰᠦᠷᠳᠡᠭᠦᠯᠦᠯ ᠥᠨ ᠠᠷᠭ᠎ᠠ ᠪᠠᠷᠢᠯ ᠢ ᠬᠡᠷᠡᠭᠯᠡᠵᠦ ᠪᠤᠰᠤᠳᠡᠳ᠋ ᠪᠣᠳᠠᠰ ᠢ ᠳᠡᠭᠡᠷᠡᠮᠳᠡᠨ ︔ ᠡᠮᠡᠭᠲᠠᠶᠢᠴᠤᠳᠵᠣᠷᠢᠭ ᠰᠠᠨᠠᠭ᠎ᠠ ᠶ᠋ᠢ ᠵᠥᠷᠢᠴᠡᠵᠦ ᠂ ᠬᠦᠴᠦᠷᠬᠡᠭᠯᠡᠯ ᠢᠶ᠋ᠡᠷ ᠲᠡᠭᠦᠨ ᠲᠠᠢ ᠪᠡᠯᠭᠡ ᠶ᠋ᠢᠨ ᠬᠠᠷᠢᠴᠠᠭ᠎ᠠ ᠡᠭᠦᠰᠦᠭᠰᠡᠨ ︔ ᠵᠦᠢ ᠶᠣᠰᠣᠨ ᠰᠢᠯᠲᠠᠭᠠᠨ ᠦᠭᠡᠢ ᠪᠡᠷ ᠵᠠᠬ᠎ᠠ ᠳᠡᠯᠭᠡᠭᠦᠷ ᠥᠨ ᠦᠨ᠎ᠡ ᠬᠠᠩᠰᠢ ᠡᠴᠠ ᠮᠡᠳᠡᠭᠳᠡᠮ᠎ᠡ ᠳᠣᠣᠷ᠎ᠠ ᠦᠨ᠎ᠡ ᠬᠠᠩᠰᠢ ᠪᠠᠷ ᠬᠠᠤᠯᠢ ᠶᠣᠰᠣᠨ ᠬᠦᠴᠦᠨ ᠲᠠᠢ ᠢᠷᠡᠯᠲᠡ ᠶ᠋ᠢᠨ ᠪᠠᠷᠢᠮᠲᠠ ᠦᠭᠡᠢ ᠮᠠᠰᠢᠨ ᠲᠡᠷᠭᠡ ᠶ᠋ᠢ ᠬᠤᠳᠠᠯᠳᠤᠭᠠᠯᠠᠵᠤ ᠂ ᠳᠠᠷᠤᠢ ᠶᠠᠯ᠎ᠠ ᠬᠢᠵᠤ ᠣᠯᠣᠭᠰᠠᠨ ᠣᠯᠵᠠᠪᠤᠷᠢ ᠪᠣᠯᠬᠤ ᠶ᠋ᠢ ᠲᠣᠳᠥᠷᠬᠠᠢ ᠮᠡᠳᠡᠵᠦ ᠪᠠᠶᠢᠭᠠᠳ ᠬᠤᠳᠠᠯᠳᠣᠨ ᠠᠪᠣᠭᠰᠠᠨ ᠂ ᠲᠡᠭᠦᠨ ᠥ ᠦᠢᠯᠡ ᠠᠵᠢᠯᠯᠠᠭ᠎ᠠ ᠨᠢ《 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠡᠷᠡᠭᠦᠦ ᠶ᠋ᠢᠨ ᠬᠠᠤᠯᠢ》 ᠶ᠋ᠢᠨ ᠬᠣᠶᠠᠷ ᠵᠠᠭᠤ ᠵᠢᠷᠠᠨ ᠭᠤᠷᠪᠠᠳᠤᠭᠠᠷ ᠵᠦᠢᠯ ᠂ ᠬᠣᠶᠠᠷ ᠵᠠᠭᠤ ᠭᠤᠴᠢᠨ ᠵᠢᠷᠭᠤᠳᠤᠭᠠᠷ ᠵᠦᠢᠯ ᠂ ᠭᠤᠷᠪᠠᠨ ᠵᠠᠭᠤ ᠠᠷᠪᠠᠨ ᠬᠣᠶᠠᠳᠤᠭᠠᠷ ᠵᠦᠢᠯ ᠥᠨ ᠲᠣᠭᠲᠠᠭᠠᠯ ᠳ᠋ᠥ ᠬᠠᠯᠳᠠᠵᠤ ᠂ ᠶᠠᠯ᠎ᠠ ᠶ᠋ᠢᠨ ᠪᠣᠳᠠᠲᠤ ᠶᠠᠪᠤᠳᠠᠯ ᠨᠢ ᠲᠣᠳᠣᠷᠬᠠᠢ ᠂ ᠭᠡᠷᠡᠴᠢ ᠪᠠᠷᠢᠮᠲᠠ ᠨᠢ ᠦᠨᠡᠨ ᠪᠣᠳᠠᠲᠠᠢ ᠪᠦᠷᠢᠨ ᠭᠦᠢᠴᠡᠳ ᠪᠣᠯᠬᠣᠷ ᠂ ᠳᠡᠭᠡᠷᠡᠮᠳᠡᠭᠰᠡᠨ ᠶᠠᠯ᠎ᠠ ᠂ ᠬᠦᠴᠦᠷᠬᠡᠭᠯᠡᠨ ᠨᠥᠵᠢᠳᠯᠡᠭᠰᠡᠨ ᠶᠠᠯ᠎ᠠ ᠂ ᠶᠠᠯ᠎ᠠ ᠬᠢᠵᠤ ᠣᠯᠣᠭᠰᠠᠨ ᠣᠯᠵᠠᠪᠤᠷᠢ ᠶ᠋ᠢ ᠨᠢᠭᠤᠨ ᠳᠠᠯᠳᠠᠯᠠᠭᠰᠠᠨ ᠶᠠᠯ᠎ᠠ ᠬᠢᠭᠰᠡᠨ ᠢᠶ᠋ᠡᠷ ᠡᠷᠡᠭᠦᠦ ᠶ᠋ᠢᠨ ᠬᠠᠷᠢᠭᠤᠴᠠᠯᠭ᠎ᠠ ᠶ᠋ᠢ ᠨᠢ ᠨᠡᠬᠡᠮᠵᠢᠯᠡᠬᠦ ᠶᠣᠰᠣᠲᠠᠢ ᠃ ᠵᠠᠭᠠᠯᠳᠤᠭᠳᠠᠭᠴᠢ ᠳᠠᠯᠠᠢ ᠰᠢᠭᠦᠨ ᠲᠠᠰᠤᠯᠤᠯᠲᠠ ᠶ᠋ᠢ ᠵᠠᠷᠯᠠᠬᠤ ᠡᠴᠠ ᠡᠮᠦᠨ᠎ᠡ ᠨᠢᠭᠡ ᠬᠥᠮᠥᠨ ᠤᠯᠠᠨ ᠶᠠᠯ᠎ᠠ ᠬᠢᠵᠦ ᠂《 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠡᠷᠡᠭᠦᠦ ᠶ᠋ᠢᠨ ᠬᠠᠤᠯᠢ 》 ᠶ᠋ᠢᠨ ᠵᠢᠷᠠᠨ ᠶᠢᠰᠦᠳᠦᠭᠡᠷ ᠵᠦᠢᠯ ᠥᠨ ᠲᠣᠭᠲᠠᠭᠠᠯ ᠢ ᠦᠨᠳᠦᠰᠦᠯᠡᠵᠦ ᠂ ᠬᠡᠳᠦᠨ ᠶᠠᠯ᠎ᠠ ᠶ᠋ᠢ ᠨᠡᠶᠢᠯᠡᠭᠦᠯᠦᠨ ᠰᠢᠳᠭᠡᠬᠦ ᠶᠣᠰᠣᠲᠠᠢ ᠃ 《 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠡᠷᠡᠭᠦᠦ ᠶ᠋ᠢᠨ ᠵᠠᠷᠭᠤ ᠶ᠋ᠢᠨ ᠬᠠᠤᠯᠢ》ᠶ᠋ᠢᠨ ᠵᠠᠭᠤᠨ ᠳᠠᠯᠠᠨ ᠬᠣᠶᠠᠳᠤᠭᠠᠷ ᠵᠦᠢᠯ ᠥᠨ ᠲᠣᠭᠲᠠᠭᠠᠯ ᠢ ᠦᠨᠳᠦᠰᠦᠯᠡᠵᠦ ᠂ ᠠᠯᠪᠠᠨ ᠵᠠᠭᠠᠯᠳᠤᠯᠭ᠎ᠠ ᠭᠠᠷᠭᠠᠭᠰᠠᠨ ᠂ ᠬᠠᠤᠯᠢ ᠶᠣᠰᠣᠭᠠᠷ ᠰᠢᠳᠭᠡᠬᠦ ᠪᠤᠯᠪᠠᠤ ᠃
ᠡᠭᠦᠨ᠎ᠡ
ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠠᠷᠠᠳᠰᠢᠭᠦᠬᠦ ᠬᠣᠷᠢᠶ᠎ᠠ
ᠪᠠᠶᠢᠴᠠᠭᠠᠭᠴᠢ ᠄
2013 ᠣᠨ 8 ᠰᠠᠷ᠎ᠠ ᠶ᠋ᠢᠨ 28 ᠡᠲᠦᠷ
ᠳᠠᠭᠠᠯᠳᠤᠭᠤᠯᠤᠯ ᠄
2 ᠂ ᠪᠦᠬᠦ ᠬᠡᠷᠡᠭ ᠥᠨ ᠮᠠᠲ᠋ᠧᠷᠢᠶᠠᠯ ᠲᠠᠪᠤᠨ ᠳᠡᠪᠲᠡᠷ ᠃