ᠥᠪᠥᠷ ᠮᠣᠩᠭᠣᠯᠥᠪᠡᠷᠲᠡᠭᠡᠨ ᠵᠠᠰᠠᠬᠤ ᠣᠷᠣᠨ ᠠᠷᠠᠳᠪᠠᠶᠢᠴᠠᠭᠠᠬᠤ ᠬᠣᠷᠢᠶ᠎ᠠ ᠵᠢᠨ ᠡᠷᠡᠭᠦᠸ ᠵᠢᠨ ᠬᠡᠷᠡᠭᠭᠣᠮᠣᠳᠠᠯ ᠲᠣᠭᠠᠴᠢᠯᠲᠠ ᠳᠠᠬᠢᠨ ᠪᠠᠶᠢᠴᠠᠭᠠᠬᠤ ᠲᠣᠭᠲᠠᠭᠠᠯᠪᠢᠴᠢᠭ
ᠥᠪᠥᠷ ᠮᠣᠩᠭᠣᠯᠥᠪᠡᠷᠲᠡᠭᠡᠨ ᠵᠠᠰᠠᠬᠤ ᠣᠷᠣᠨ ᠠᠷᠠᠳᠪᠠᠶᠢᠴᠠᠭᠠᠬᠤ ᠬᠣᠷᠢᠶ᠎ᠠ ᠵᠢᠨ ᠡᠷᠡᠭᠦᠸ ᠵᠢᠨ ᠬᠡᠷᠡᠭᠭᠣᠮᠣᠳᠠᠯ ᠲᠣᠭᠠᠴᠢᠯᠲᠠ ᠳᠠᠬᠢᠨ ᠪᠠᠶᠢᠴᠠᠭᠠᠬᠤ ᠲᠣᠭᠲᠠᠭᠠᠯᠪᠢᠴᠢᠭ
ᠥᠪᠥᠷ ᠪᠠᠶᠢᠴᠠᠭᠠᠬᠤ ᠨᠢᠭᠡᠳᠦᠭᠡᠷ ᠬᠡᠯᠲᠡᠰ ᠡᠷᠡᠭᠦᠸ ᠭᠤᠮᠤᠳᠠᠯ ᠳᠠᠬᠢᠨ ᠳᠤᠭᠲᠠᠭᠠᠯ ﹇2019﹈1 ᠳ᠋ᠦ᠋ᠭᠡᠷ ᠲᠣᠭᠠᠲᠤ
ᠭᠣᠮᠣᠳᠠᠯ ᠲᠣᠭᠠᠴᠢᠭᠴᠢ ᠹᠧᠩ ᠤᠪᠤᠭᠲᠤ ᠨᠢᠭᠡᠳᠦᠭᠡᠷ᠂ ᠡᠷᠡᠭᠲᠡᠶ᠂ 1990 ᠤᠨ ×× ᠰᠠᠷ᠎ᠠ ᠵᠢᠨ ×× ᠡᠳᠦᠷ ᠲᠥᠷᠥᠵᠡᠢ᠂ ᠪᠡᠶ᠎ᠡ ᠵᠢᠨ ᠦᠨᠡᠮᠯᠡᠯᠨᠣᠮᠧᠷ 15231990××××᠂ ᠮᠣᠩᠭᠣᠯ ᠦᠨᠳᠦᠰᠦᠲᠡᠨ᠂ ᠥᠪᠥᠷ ᠮᠣᠩᠭᠣᠯᠲᠦᠩᠯᠢᠶᠣᠤ ᠬᠣᠲᠠ ᠵᠢᠨ ᠬᠣᠷᠴᠢᠨ ᠵᠡᠭᠦᠨ ᠭᠠᠷᠤᠨ ᠬᠣᠶᠢᠲᠤ ᠬᠣᠰᠢᠭᠤᠨ ×× ᠭᠠᠴᠠᠭᠠᠨ ×× ᠲᠤᠭᠠᠲᠦ ᠳ᠋ᠦ ᠰᠠᠭᠤᠵᠤ ᠪᠠᠵᠢᠨ᠎ᠠ᠃ ᠤᠤᠯ ᠬᠡᠷᠡᠭᠬᠣᠣᠷᠯᠠᠭᠳᠠᠭᠴᠢ ᠵᠢᠨ ᠣᠶᠢᠷ᠎ᠠ ᠲᠥᠷᠥᠯ ᠰᠠᠳᠤᠨ ᠪᠣᠯᠤᠨ᠎ᠠ ᠃
ᠤᠤᠯ ᠬᠡᠷᠡᠭᠦᠯᠦ ᠵᠠᠭᠠᠯᠳᠤᠭᠳᠠᠭᠴᠢ ᠡᠸ ᠣᠪᠣᠭᠲᠤ᠂ ᠡᠮᠡᠭᠲᠡᠶ᠂ 1974 ᠤᠨ ×× ᠰᠠᠷ᠎ᠠ ᠵᠢᠨ ×× ᠡᠳᠦᠷ ᠲᠥᠷᠥᠵᠡᠢ᠂ ᠰᠠᠭᠤᠭᠠᠯᠢ ᠠᠷᠠᠳᠪᠡᠶᠡ ᠵᠢᠨ ᠦᠨᠡᠮᠯᠡᠯᠨᠣᠮᠧᠷ 1523231974××××᠂ ᠮᠣᠩᠭᠣᠯ ᠦᠨᠳᠦᠰᠦᠲᠡᠨ᠂ ᠠᠩᠬ᠎ᠠ ᠳᠤᠮᠳᠠᠳᠤ ᠵᠢᠨ ᠰᠣᠶᠣᠯ ᠲᠠᠢ᠂ ᠲᠠᠷᠢᠶᠠᠴᠢᠨ᠂ ᠡᠷᠦᠬᠡ ᠠᠮᠠ ᠵᠢᠨ ᠪᠠᠶᠢᠭ᠎ᠠ ᠭᠠᠵᠠᠷ ᠥᠪᠥᠷ ᠮᠣᠩᠭᠣᠯᠥᠪᠡᠷᠲᠡᠭᠡᠨ ᠵᠠᠰᠠᠬᠤ ᠣᠷᠣᠨ ᠲᠦᠩᠯᠢᠶᠣᠤ ᠬᠣᠲᠠ ᠵᠢᠨ ᠬᠣᠷᠴᠢᠨ ᠵᠡᠭᠦᠨ ᠭᠠᠷᠤᠨ ᠬᠣᠶᠢᠲᠤ ᠬᠣᠰᠢᠭᠤᠨ ×× ᠪᠠᠯᠭᠠᠰᠤ᠂ ᠪᠠᠷᠢᠪᠴᠢᠯᠠᠬᠤ ᠠᠴᠠ ᠡᠮᠦᠨ᠎ᠡ ᠬᠣᠷᠴᠢᠨ ᠵᠡᠭᠦᠨ ᠭᠠᠷᠤᠨ ᠬᠣᠶᠢᠲᠤ ᠬᠣᠰᠢᠭᠤᠨ ×× ᠲᠣᠰᠬᠣᠨ ×× ᠲᠤᠭᠠᠲᠦ ᠳᠤ ᠰᠠᠭᠤᠵᠤ ᠪᠠᠶᠢᠪᠠ᠃
ᠭᠣᠮᠣᠳᠠᠯ ᠲᠣᠭᠠᠴᠢᠭᠴᠢ ᠹᠧᠩ ᠣᠪᠣᠭᠲᠤ ᠨᠢᠭᠡᠲᠦᠭᠡᠷ ᠪᠣᠯ ᠡᠦ ᠣᠪᠣᠭᠲᠤ ᠵᠢᠨ ᠬᠡᠷᠡᠭ ᠥᠳᠦᠵᠦ ᠤᠷᠰᠢᠭ ᠲᠠᠲᠠᠭᠰᠠᠨ ᠬᠡᠷᠡᠭᠬᠣᠣᠷᠯᠠᠭᠳᠠᠭᠴᠢ ᠹᠧᠩ ᠣᠪᠣᠭᠲᠤ ᠬᠤᠶᠠᠳᠤᠭᠠᠷᠣᠶᠢᠷᠠ ᠲᠥᠷᠥᠯ ᠰᠠᠳᠤᠨ ᠪᠣᠯᠤᠨ᠎ᠠ᠂ ᠲᠠᠷᠡ ᠲᠦᠩᠯᠢᠶᠣᠤ ᠬᠣᠲᠠ ᠵᠢᠨ ᠪᠠᠶᠢᠴᠠᠭᠠᠬᠤ ᠬᠣᠷᠢᠶ᠎ᠠ ᠵᠢᠨ ᠭᠠᠷᠭᠠᠭᠰᠠᠨ ᠲᠦᠩᠯᠢᠶᠤᠤ ᠪᠠᠶᠢᠴᠠᠭᠠᠬᠤ ᠡᠷᠡᠭᠦᠦ ᠦᠯᠦ ᠵᠠᠭᠠᠯᠳᠤᠬᠤ︵ 2017︶1 ᠳ᠋ᠦ᠋ᠭᠡᠷ ᠲᠣᠭᠠᠲᠤ ᠥᠯᠥ ᠵᠠᠭᠠᠯᠳᠤᠬᠤ ᠲᠣᠭᠲᠠᠭᠠᠯ ᠢ ᠵᠥᠪᠰᠢᠶᠡᠷᠡᠬᠦ ᠥᠬᠡᠶ ᠪᠠᠶᠢᠵᠤ ᠳᠣᠯᠣᠭᠠᠨ ᠡᠳᠦᠷᠳᠣᠲᠣᠷᠠ ᠥᠪᠡᠷᠲᠡᠭᠡᠨ ᠵᠠᠰᠠᠬᠤ ᠣᠷᠣᠨ ᠪᠠᠶᠢᠴᠠᠭᠠᠬᠤ ᠬᠣᠷᠢᠶ᠎ᠠ ᠳᠤ ᠭᠣᠮᠣᠳᠠᠯ ᠲᠤᠭᠠᠴᠢᠯᠲᠠ ᠭᠠᠷᠭᠠᠪᠠ᠃ ᠭᠣᠮᠣᠳᠠᠯ ᠲᠣᠭᠠᠴᠢᠭᠴᠢ ᠠᠴᠠ ᠡᠦ ᠣᠪᠣᠭᠲᠤ ᠶᠠᠯ᠎ᠠ ᠬᠢᠭᠰᠡᠨ ᠳᠤ ᠲᠤᠭᠠᠴᠢᠭᠳᠠᠨ᠎ᠠ ᠭᠡᠵᠦ ᠦᠵᠡᠭᠡᠳ ᠲᠦᠩᠯᠢᠶᠤᠤ ᠪᠠᠶᠢᠴᠠᠭᠠᠬᠤ ᠡᠷᠡᠭᠦᠦ ᠦᠯᠦ ᠵᠠᠭᠠᠯᠳᠤᠬᠤ︵2017︶1 ᠳ᠋ᠦ᠋ᠭᠡᠷ ᠲᠣᠭᠠᠲᠤ ᠥᠯᠥ ᠵᠠᠭᠠᠯᠳᠤᠬᠤ ᠲᠣᠭᠲᠠᠭᠠᠯ ᠢ ᠬᠦᠴᠦᠨ ᠥᠬᠡᠶ ᠪᠤᠯᠭᠠᠵᠤ᠂ ᠦ᠋ ᠣᠪᠣᠭᠲᠤ ᠵᠢᠨ ᠡᠷᠡᠭᠦᠸ ᠵᠢᠨ ᠬᠠᠷᠢᠭᠤᠴᠠᠯᠭ᠎ᠠ ᠬᠠᠸᠯᠢ ᠶᠣᠰᠣᠭᠠᠷ ᠨᠡᠬᠡᠮᠵᠢᠯᠡᠭᠦᠯᠬᠦ ᠪᠡᠷ ᠭᠤᠶᠤᠴᠢᠯᠠᠪᠠ᠃
ᠲᠣᠰ ᠬᠣᠷᠢᠶ᠎ᠠ ᠳᠠᠬᠢᠨ ᠪᠠᠶᠢᠴᠠᠭᠠᠭᠠᠳ ᠲᠣᠳᠣᠯᠠᠭᠰᠠᠨ ᠨᠢ ᠄ 2016 ᠤᠨ 9 ᠰᠠᠷ᠎ᠠ ᠵᠢᠨ 4 ᠡᠲᠦᠷ 9 ᠴᠠᠭ 30 ᠮᠢᠨᠦ᠋ᠲᠦᠶᠡ ᠪᠡᠷ᠂ ᠤᠤᠯ ᠰᠢᠭᠦᠯᠲᠡ ᠵᠢᠨ ᠵᠠᠭᠠᠯᠳᠤᠭᠳᠠᠭᠴᠢ ᡂᠢ ᠣᠪᠣᠭᠲᠤ ᠨᠢᠭᠡᠳᠦᠭᠡᠷ ᠪᠣᠯᠤᠨ ᡂᠢ ᠣᠪᠣᠭᠲᠤ ᠬᠤᠶᠠᠳᠤᠭᠠᠷ ᠴᠠᠷᠠᠰᠤ ᠪᠠᠯᠭᠠᠰᠤ ᠵᠢᠨ ×× ᠭᠠᠴᠠᠭᠠᠨ ᡂᠢ ᠣᠪᠣᠭᠲᠤ ᠨᠢᠭᠡᠳᠦᠭᠡᠷᠭᠡᠷᠡᠭᠦᠳᠡᠨ ᠳᠦ ᠲᠣᠭᠣᠰᠬ᠎ᠠ ᠪᠣᠰᠬᠠᠵᠤ ᠪᠠᠶᠢᠬᠤ ᠳᠠᠭᠠᠨ᠂ ᠥᠪᠡᠷᠬᠤᠡᠭᠬᠢᠯ ᠳᠦ ᠬᠡᠷᠡᠭᠯᠡᠬᠦ ᠲᠣᠭᠣᠰᠬ᠎ᠠ ᠵᠢᠨ ᠤᠴᠢᠷ ᠢᠶᠠᠷ ᠲᠣᠰᠬᠣᠨ ᠱᠦᠵᠢ ᠳᠠᠷᠤᠢ ᠬᠣᠣᠷᠯᠠᠭᠳᠠᠭᠴᠢ ᠹᠧᠩ ᠣᠪᠣᠭᠲᠤ ᠬᠤᠶᠠᠳᠤᠭᠠᠷ ᠲᠡᠶ ᠮᠠᠷᠭᠤᠭᠠᠨ ᠡᠭᠦᠰᠴᠦ᠂ ᡂᠢ ᠣᠪᠣᠭᠲᠤ ᠨᠢᠭᠡᠳᠦᠭᠡᠷ ᠬᠢᠲᠤᠭ᠎ᠠ ᠪᠠᠷ ᠹᠧᠩ ᠣᠪᠣᠭᠲᠤ ᠬᠤᠶᠠᠳᠤᠭᠠᠷ ᠤᠨ ᠲᠣᠯᠣᠭᠠᠢ᠂ ᠬᠡᠪᠡᠯᠢ ᠵᠢᠨ ᠬᠡᠰᠡᠭ ᠢ ᠨᠢ ᠬᠢᠲᠤᠭᠠᠯᠠᠵᠤ ᠰᠢᠷᠬᠠᠲᠤᠭᠤᠯᠪᠠ᠂ ᠦ᠋ ᠣᠪᠣᠭᠲᠤ ᠴᠢᠬᠢ ᠢᠯᠭᠠᠬᠤ ᠪᠠᠭᠠᠵᠢ ᠪᠠᠨ ᠪᠠᠷᠢᠵᠤ ᠬᠦᠷᠢᠶᠡᠨ ᠲᠤᠳᠤᠷ᠎ᠠ ᠯᠢᠦ ᠣᠪᠣᠭᠲᠤ ᠵᠢᠨ ᠲᠣᠯᠣᠭᠠᠶ ᠴᠤᠬᠢᠪᠠ᠂ ᠲᠡᠭᠡᠭᠡᠳ ᠹᠸᠩ ᠣᠪᠣᠭᠲᠤ ᠬᠤᠶᠠᠳᠤᠭᠠᠷ ᠢᠷᠲᠦ ᠪᠠᠭᠠᠵᠢᠨ ᠳᠤ ᠵᠢᠷᠦᠬᠡ ᠪᠠᠨ ᠴᠢᠴᠢᠭᠦᠯᠦᠨ ᠬᠠᠭᠠᠯᠠᠭᠤᠯᠤᠭᠰᠠᠨ ᠡᠴᠡ ᠴᠢᠰᠤ ᠠᠷᠪᠢᠨ ᠭᠠᠷᠤᠭᠠᠳ ᠦᠬᠦᠭᠰᠡᠨ ᠪᠠᠵᠢᠨ᠎ᠠ᠃
ᠮᠠᠨ ᠬᠣᠷᠢᠶᠠᠨ ᠦᠵᠡᠬᠦ ᠪᠡᠷ᠂ ᠤᠤᠯ ᠬᠡᠷᠡᠭ ᠳ᠋ᠡᠬᠢ ᠬᠣᠷᠴᠢᠨ ᠵᠡᠭᠦᠨ ᠭᠠᠷᠤᠨ ᠬᠣᠶᠢᠲᠤ ᠬᠣᠰᠢᠭᠤᠨ ᠳᠣᠲᠣᠭᠠᠳᠤ ᠬᠠᠮᠠᠭᠠᠯᠠᠬᠤ ᠲᠣᠪᠴᠢᠶ᠎ᠠ ᠵᠢᠨ ᠡᠸ ᠣᠪᠣᠭᠲᠤ ᠬᠡᠷᠡᠭ ᠥᠳᠦᠵᠦ ᠤᠷᠰᠢᠭ ᠲᠠᠲᠠᠭᠰᠠᠨ ᠶᠠᠯ᠎ᠠ ᠬᠢᠭᠰᠡᠨ ᠭᠡᠵᠦ ᠮᠠᠭᠠᠳᠯᠠᠨ ᠲᠤᠭᠲᠠᠭᠠᠭᠰᠠᠨ ᠪᠣᠳᠠᠲᠤ ᠶᠠᠪᠤᠳᠠᠯ ᠨᠢ ᠲᠣᠳᠣᠷᠬᠠᠶ ᠥᠬᠡᠶ᠂ ᠭᠡᠷᠡᠴᠢ ᠪᠠᠷᠢᠮᠲᠠ ᠨᠢ ᠭᠦᠶᠴᠡᠳ ᠪᠤᠰᠤ᠃ ᠤᠸᠯ ᠬᠡᠷᠡᠭ ᠳ᠋ᠡᠬᠢ ᠲᠦᠩᠯᠢᠶᠣᠤ ᠬᠣᠲᠠ ᠵᠢᠨ ᠪᠠᠶᠢᠴᠠᠭᠠᠬᠤ ᠬᠣᠷᠢᠶ᠎ᠠ ᠵᠢᠨ ᠦ᠋ ᠣᠪᠣᠭᠲᠤ ᠰᠡᠵᠢᠭᠯᠡᠯᠲᠡᠢ ᠪᠠᠶᠢᠳᠠᠯ ᠳᠤ ᠥᠯᠥ ᠵᠠᠭᠠᠯᠳᠤᠭᠰᠠᠨ ᠨᠢ ᠬᠠᠸᠯᠢ ᠴᠠᠭᠠᠵᠠ ᠵᠢᠨ ᠲᠣᠭᠲᠠᠭᠠᠯ ᠳᠤ ᠨᠡᠶᠢᠴᠡᠨ᠎ᠡ᠃ ᠲᠣᠰ ᠬᠣᠷᠢᠶ᠎ᠠ ᠲᠦᠩᠯᠢᠶᠣᠤ ᠬᠣᠲᠠ ᠵᠢᠨ ᠪᠠᠶᠢᠴᠠᠭᠠᠬᠤ ᠬᠣᠷᠢᠶ᠎ᠠ ᠵᠢᠨ ᠲᠦᠩᠯᠢᠶᠤᠤ ᠪᠠᠶᠢᠴᠠᠭᠠᠬᠤ ᠡᠷᠡᠭᠦᠦ ᠦᠯᠦ ᠵᠠᠭᠠᠯᠳᠤᠬᠤ︵2017︶1 ᠳ᠋ᠦ᠋ᠭᠡᠷ ᠲᠣᠭᠠᠲᠤ ᠥᠯᠥ ᠵᠠᠭᠠᠯᠳᠤᠬᠤ ᠲᠣᠭᠲᠠᠭᠠᠯ ᠢ ᠪᠠᠷᠢᠮᠲᠠᠯᠠᠬᠤ ᠪᠠᠷ ᠲᠣᠭᠲᠠᠪᠠ ᠃
2019 ᠣᠨ 9 ᠰᠠᠷ᠎ᠠ ᠵᠢᠨ 16 ᠡᠳᠦᠷ