ᠥᠪᠥᠷ ᠮᠣᠩᠭᠣᠯ  内蒙古

ᠥᠪᠥᠷ ᠮᠣᠩᠭᠣᠯᠥᠪᠡᠷᠲᠡᠭᠡᠨ ᠵᠠᠰᠠᠬᠤ ᠣᠷᠣᠨ  ᠠᠷᠠᠳᠪᠠᠶᠢᠴᠠᠭᠠᠬᠤ ᠬᠣᠷᠢᠶ᠎ᠠ ᠵᠢᠨ ᠡᠷᠡᠭᠦᠸ ᠵᠢᠨ ᠬᠡᠷᠡᠭᠭᠣᠮᠣᠳᠠᠯ ᠲᠣᠭᠠᠴᠢᠯᠲᠠ  ᠳᠠᠬᠢᠨ ᠪᠠᠶᠢᠴᠠᠭᠠᠬᠤ ᠲᠣᠭᠲᠠᠭᠠᠯᠪᠢᠴᠢᠭ

2020-12-29 12:04:26

ᠥᠪᠥᠷ ᠮᠣᠩᠭᠣᠯᠥᠪᠡᠷᠲᠡᠭᠡᠨ ᠵᠠᠰᠠᠬᠤ ᠣᠷᠣᠨ  ᠠᠷᠠᠳᠪᠠᠶᠢᠴᠠᠭᠠᠬᠤ ᠬᠣᠷᠢᠶ᠎ᠠ ᠵᠢᠨ ᠡᠷᠡᠭᠦᠸ ᠵᠢᠨ ᠬᠡᠷᠡᠭᠭᠣᠮᠣᠳᠠᠯ ᠲᠣᠭᠠᠴᠢᠯᠲᠠ  ᠳᠠᠬᠢᠨ ᠪᠠᠶᠢᠴᠠᠭᠠᠬᠤ ᠲᠣᠭᠲᠠᠭᠠᠯᠪᠢᠴᠢᠭ

                              ᠥᠪᠥᠷ ᠪᠠᠶᠢᠴᠠᠭᠠᠬᠤ ᠠᠷᠪᠠᠳᠤᠭᠠᠷ ᠬᠡᠯᠲᠡᠰ ᠡᠷᠡᠭᠦᠸ  ᠭᠤᠮᠤᠳᠠᠯ ᠳᠠᠬᠢᠨ  ᠳᠤᠭᠲᠠᠭᠠᠯ ﹇2020﹈1 ᠳ᠋ᠦ᠋ᠭᠡᠷ ᠲᠣᠭᠠᠲᠤ

 

ᠭᠣᠮᠣᠳᠠᠯ ᠲᠣᠭᠠᠴᠢᠭᠴᠢ ᠴᠧᠨ ᠣᠪᠣᠭᠲᠤ᠂ ᠡᠮᠡᠭᠲᠡᠢ᠂ ᠲᠠᠶᠢᠸᠠᠨ  ᠲᠠᠶᠢᠵᠦ᠋ᠩ ᠬᠣᠲᠠ  ᠵᠢᠨ ᠰᠢ ᠳᠦᠨ ᠲᠣᠭᠣᠷᠢᠭ×× ᠵᠠᠮ×× ᠨᠣᠮᠧᠷ ᠂ ᠰᠢᠶᠠᠩᠭᠠᠩ ᠣᠣᠮᠧᠨ ᠳᠤ ᠨᠡᠪᠲᠡᠷᠡᠬᠦ ᠦᠨᠡᠮᠯᠡᠯᠨᠣᠮᠧᠷ H05725 ××× ᠂ ᠤᠤᠯ ᠬᠡᠷᠡᠭᠬᠣᠣᠷᠯᠠᠭᠳᠠᠭᠴᠢ ᠃

ᠵᠧᠸ ᠣᠪᠣᠭᠲᠤ᠂ ᠡᠷᠡᠭᠲᠡᠶ᠂ ᠬᠢᠲᠠᠳ ᠦᠨᠳᠦᠰᠦᠲᠡᠨ᠂ ᠠᠩᠬ᠎ᠠ ᠳᠤᠮᠳᠠᠳᠤ ᠵᠢᠨ ᠰᠣᠶᠣᠯ ᠲᠠᠶ᠂ 1966 ᠣᠨ  ×× ᠰᠠᠷ᠎ᠠ ᠵᠢᠨ ×× ᠡᠳᠦᠷ ᠲᠥᠷᠥᠵᠡᠢ᠂ ᠱᠠᠨᠳᠦ᠋ᠩ×× ᠲᠦᠯᠡᠰᠢᠨ ᠦ ᠬᠢᠵᠠᠭᠠᠷᠲᠤ ᠺᠣᠮᠫᠠᠨᠢ ᠵᠢᠨ ××᠂ ᠱᠠᠨᠳᠦ᠋ᠩ ᠮᠤᠵᠢ ᠵᠢᠨ ᠭᠤᠤ ᠴᠢᠩ ᠰᠢᠶᠠᠨ  ×× ᠵᠠᠮ×× ᠳ᠋ᠤᠭᠠᠷ ᠲᠤ ᠰᠠᠭᠤᠵᠤ ᠪᠠᠵᠢᠨ᠎ᠠ᠂ ᠤᠤᠯ ᠬᠡᠷᠡᠭᠦᠯᠦ ᠵᠠᠭᠠᠯᠳᠤᠭᠳᠠᠭᠴᠢ᠃

ᠱᠠᠨᠳᠦ᠋ᠩ×× ᠲᠦᠯᠡᠰᠢᠨ ᠦ ᠬᠢᠵᠠᠭᠠᠷᠲᠤ ᠺᠣᠮᠫᠠᠨᠢ ᠂ ᠨᠢᠭᠡᠴᠢ  ᠵᠢᠨ ᠬᠠᠶ᠋ᠢᠭ ᠄ ᠱᠠᠨᠳᠦ᠋ᠩ ᠮᠤᠵᠢ ᠵᠢᠨ ᠭᠤᠤ ᠴᠢᠩ ᠰᠢᠶᠠᠨ  ×× ᠵᠠᠮ᠂ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ ᠯᠢᠦ ᠣᠪᠣᠭᠲᠤ᠂ ᠤᠤᠯ ᠬᠡᠷᠡᠭᠥᠯᠥ ᠵᠠᠭᠠᠯᠳᠤᠭᠳᠠᠭᠰᠠᠨ ᠨᠢᠭᠡᠴᠢ ᠪᠣᠯᠤᠨ᠎ᠠ ᠃

ᠭᠤᠤ ᠣᠪᠣᠭᠲᠤ᠂ ᠡᠷᠡᠭᠲᠡᠶ᠂ ᠬᠢᠲᠠᠳ ᠦᠨᠳᠦᠰᠦᠲᠡᠨ᠂ ᠶᠡᠬᠡ ᠰᠤᠷᠭᠠᠭᠤᠯᠢ ᠵᠢᠨ ᠵᠢᠩᠬᠢᠨᠢ ᠠᠩᠭᠢ ᠵᠢᠨ ᠰᠣᠶᠣᠯ  ᠲᠠᠢ᠂ 1976  ᠤᠨ  ×× ᠰᠠᠷ᠎ᠠ ᠵᠢᠨ ×× ᠡᠳᠦᠷ ᠲᠥᠷᠥᠵᠡᠢ ᠂ ᠤᠤᠯᠱᠠᠨᠳᠦ᠋ᠩ×× ᠲᠦᠯᠡᠰᠢᠨ ᠦ ᠬᠢᠵᠠᠭᠠᠷᠲᠤ ᠺᠣᠮᠫᠠᠨᠢ ᠵᠢᠨ ××᠂ ᠱᠠᠨᠳᠦ᠋ᠩ ᠮᠤᠵᠢ ᠵᠢᠨ ᠲᠠᠶ ᠠᠨ ᠬᠣᠲᠠ ᠵᠢᠨ ᠰᠢᠨ ᠲᠡᠶ ᠬᠣᠲᠠ ×× ᠪᠠᠯᠭᠠᠰᠤᠨ  ×× ᠲᠣᠰᠬᠣᠨ  ×× ᠨᠣᠮᠧᠷ  ᠲᠦ ᠰᠠᠭᠤᠵᠤ ᠪᠠᠵᠢᠨ᠎ᠠ᠂ ᠤᠤᠯ ᠬᠡᠷᠡᠭᠥᠯᠥ ᠵᠠᠭᠠᠯᠳᠤᠭᠳᠠᠭᠴᠢ  ᠪᠣᠯᠣᠨ᠎ᠠ᠃

ᠱᠠᠨᠳᠦ᠋ᠩ×× ᠲᠦᠯᠡᠰᠢᠨ ᠦ ᠬᠢᠵᠠᠭᠠᠷᠲᠤ ᠺᠣᠮᠫᠠᠨᠢ᠂ ᠵᠧᠸ ᠣᠪᠣᠭᠲᠤ᠂ ᠭᠤᠤ ᠣᠪᠣᠭᠲᠤ ᠵᠢᠨ ᠢᠲᠡᠭᠡᠮᠵᠢ ᠵᠢᠨ ᠲᠡᠮᠳᠡᠭ ᠢᠶᠡᠷ ᠬᠢᠬᠠᠨ ᠮᠡᠬᠡᠯᠡᠭᠰᠡᠨ ᠰᠡᠵᠢᠭᠯᠡᠯᠲᠡᠢ ᠬᠡᠷᠡᠭ ᠲᠦ ᠂ ᠭᠣᠮᠣᠳᠠᠯ ᠲᠣᠭᠠᠴᠢᠭᠴᠢ ᠴᠧᠨ ᠣᠪᠣᠭᠲᠤ ᠪᠠᠶᠠᠨᠨᠠᠭᠤᠷ ᠬᠣᠲᠠ ᠵᠢᠨ ᠠᠷᠠᠳᠪᠠᠶᠢᠴᠠᠭᠠᠬᠤ ᠬᠣᠷᠢᠶ᠎ᠠ ᠵᠢᠨ ᠭᠠᠷᠭᠠᠭᠰᠠᠨ ᠪᠠᠶᠠᠨᠨᠠᠭᠤᠷ ᠪᠠᠶᠢᠴᠠᠭᠠᠬᠤ ᠵᠠᠭᠠᠯᠳᠤᠬᠤ ᠡᠷᠡᠭᠦᠦ ᠥᠯᠥ ᠵᠠᠭᠠᠯᠳᠤᠬᠤ︵2018︶1᠂ 2 ᠂ 3 ᠳ᠋ᠤᠭᠠᠷ ᠲᠣᠭᠠᠲᠤ ᠥᠯᠥ ᠵᠠᠭᠠᠯᠳᠤᠬᠤ ᠲᠣᠭᠲᠠᠭᠠᠯ ᠢ ᠥᠯᠥ ᠬᠦᠯᠢᠶᠡᠵᠦ᠂ ᠤᠤᠯ ᠥᠯᠥ ᠵᠠᠭᠠᠯᠳᠤᠬᠤ ᠲᠣᠭᠲᠠᠭᠠᠯ ᠪᠣᠳᠠᠲᠤ ᠶᠠᠪᠤᠳᠠᠯ ᠢ ᠮᠠᠭᠠᠳᠯᠠᠨ ᠲᠣᠭᠲᠠᠭᠠᠭᠰᠠᠨ᠂ ᠬᠠᠤᠯᠢ ᠴᠠᠭᠠᠵᠠ  ᠬᠡᠷᠡᠭᠯᠡᠭᠰᠡᠨ ᠨᠢ ᠪᠤᠷᠤᠭᠤ ᠭᠡᠳᠡᠭ ᠢᠶᠡᠷ ᠰᠢᠯᠲᠠᠭᠠᠨ ᠪᠣᠯᠭᠠᠵᠤ ᠂ 7 ᠡᠳᠦᠷᠳᠣᠲᠣᠷ᠎ᠠ ᠲᠤᠰ ᠬᠣᠷᠢᠶᠠᠨ ᠳᠤ ᠭᠣᠮᠣᠳᠠᠯ ᠲᠣᠭᠠᠴᠢᠪᠠ᠃

ᠲᠤᠰ ᠬᠣᠷᠢᠶ᠎ᠠ ᠳᠠᠬᠢᠨ ᠪᠠᠶᠢᠴᠠᠭᠠᠭᠠᠳ ᠪᠠᠶᠢᠴᠠᠭᠠᠨ ᠲᠣᠳᠣᠯᠠᠭᠰᠠᠨ ᠨᠢ ᠄ 2014 ᠤᠨ  3 ᠰᠠᠷ᠎ᠠ ᠵᠢᠨ 16  ᠡᠳᠦᠷ᠂ ᠴᠧᠨ ᠣᠪᠣᠭᠲᠤ ᠲᠡᠭᠦᠨ ᠦ ᠳᠦᠰᠢᠭᠯᠡᠭᠰᠡᠨ ᠱᠠᠨ ᠰᠢ ᠵᠢᠨ ×× ᠨᠡᠭᠦᠷᠡᠰᠦ ᠲᠡᠭᠡᠭᠡᠪᠦᠷᠢᠯᠡᠨ ᠪᠣᠷᠣᠯᠠᠭᠤᠯᠬᠤ  ᠬᠢᠵᠠᠭᠠᠷᠲᠦ ᠺᠣᠮᠫᠠᠨᠢ ( ᠳᠣᠷᠣᠭᠰᠢ ×× ᠨᠡᠭᠦᠷᠡᠰᠦᠨ ᠦ ᠺᠣᠮᠫᠠᠨᠢ ᠭᠡᠵᠦ ᠲᠣᠪᠴᠢᠯᠠᠨ᠎ᠠ ) ᠵᠢᠨ ᠨᠡᠷ᠎ᠡ ᠪᠡᠷ ᠱᠠᠨᠳᠦ᠋ᠩ ×× ᠲᠦᠯᠡᠰᠢᠨ ᠦ ᠬᠢᠵᠠᠭᠠᠷᠲᠤ ᠺᠣᠮᠫᠠᠨᠢ ( ᠳᠣᠷᠣᠭᠰᠢ ×× ᠲᠦᠯᠡᠰᠢᠨ ᠦ ᠺᠣᠮᠫᠠᠨᠢ ᠭᠡᠵᠦ ᠲᠣᠪᠴᠢᠯᠠᠨ᠎ᠠ ) ᠵᠢᠨ ᠲᠥᠯᠥᠭᠡᠯᠡᠭᠴᠢ ᠵᠧᠸ ᠣᠪᠣᠭᠲᠤ  ᠲᠠᠶ《 ᠲᠦᠭᠦᠬᠡᠶ ᠨᠡᠭᠦᠷᠡᠰᠦ ᠬᠤᠳᠠᠯᠳᠤᠨ ᠠᠪᠬᠤ ᠭᠡᠷ᠎ᠡ 》ᠪᠠ《 ᠴᠡᠪᠡᠷ ᠨᠡᠭᠦᠷᠡᠰᠦ ᠬᠤᠳᠠᠯᠳᠤᠨ ᠠᠪᠬᠤ ᠭᠡᠷ᠎ᠡ 》ᠨᠡᠶᠢᠲᠡ ᠬᠣᠶᠠᠷ ᠬᠤᠪᠢ ᠨᠡᠭᠦᠷᠡᠰᠦ ᠬᠤᠳᠠᠯᠳᠤᠨ ᠠᠪᠬᠤ ᠪᠠ ᠪᠣᠷᠣᠯᠠᠭᠤᠯᠬᠤ ᠭᠡᠷ᠎ᠡ ᠲᠣᠭᠲᠠᠪᠠ᠃ ᠭᠡᠷ᠎ᠡ ᠳᠦ ᠪᠣᠯᠵᠣᠨ ᠲᠣᠭᠲᠠᠭᠰᠠᠨ ᠨᠢ᠂ ᠲᠦᠭᠦᠬᠡᠶ ᠨᠡᠭᠦᠷᠡᠰᠦ ᠪᠣᠯᠤᠨ ᠴᠡᠪᠡᠷ ᠨᠡᠭᠦᠷᠡᠰᠦ   ᠲᠤᠰ ᠲᠤᠰ 5000 ᠲᠣᠨ ᠪᠦᠷᠢ (±10% ᠪᠤᠯᠤᠨ᠎ᠠ)  ᠪᠠᠷ  ᠳ᠋ᠦᠩᠨᠡᠨ ᠪᠣᠳᠣᠬᠤ ᠨᠢᠭᠡᠴᠢ ᠪᠣᠯᠭᠠᠵᠤ᠂ ᠪᠠᠷᠠᠭ᠎ᠠ ᠬᠠᠩᠭᠠᠬᠤ ᠴᠠᠭ ᠨᠢ 2014  ᠤᠨ  3 ᠰᠠᠷ᠎ᠠ  ᠵᠢᠨ 20  ᠡᠳᠦᠷ ᠡᠴᠡ 2014 ᠤᠨ  5 ᠰᠠᠷ᠎ᠠ  ᠵᠢᠨ 30  ᠡᠳᠦᠷ ᠪᠣᠯᠲᠠᠯ᠎ᠠ᠂ ᠪᠠᠷᠠᠭ᠎ᠠ ᠲᠤᠰᠢᠶᠠᠬᠤ ᠭᠠᠵᠠᠷ ᠨᠢ ᠦᠶᠤᠸᠠᠨ ᠰᠢᠶᠠᠨ  ᠱᠦᠨ ᠵᠧᠸ ᠬᠢᠵᠠᠭᠠᠷᠲᠤ ᠺᠣᠮᠫᠠᠨᠢ ( ᠳᠣᠷᠣᠭᠰᠢ ᠱᠦᠨ ᠵᠧᠸ ᠺᠣᠮᠫᠠᠨᠢ ᠭᠡᠵᠦ ᠲᠣᠪᠴᠢᠯᠠᠨ᠎ᠠ ) ᠵᠢᠨ ᠨᠡᠭᠦᠷᠡᠰᠦᠨ ᠲᠠᠯᠠᠪᠤᠷ᠂ ×× ᠨᠡᠭᠦᠷᠡᠰᠦᠨ ᠦ ᠺᠣᠮᠫᠠᠨᠢ ᠨᠢ ᠥᠪᠥᠷ ᠮᠣᠩᠭᠣᠯᠭᠠᠭᠴᠠ ᠮᠤᠳᠦ  ᠬᠢᠯᠢ ᠵᠢᠨ ᠪᠣᠭᠣᠮᠲᠠ ᠵᠢᠨ ᠬᠢᠨᠠᠨ ᠬᠠᠮᠢᠶᠠᠷᠬᠤ ᠬᠥᠮᠥᠷᠭᠡ ᠡᠴᠡ ᠱᠦᠨ ᠵᠧᠸ ᠺᠣᠮᠫᠠᠨᠢ ᠵᠢᠨ ᠨᠡᠭᠦᠷᠡᠰᠦᠨ ᠲᠠᠯᠠᠪᠤᠷ ᠲᠦ ᠨᠡᠭᠦᠷᠡᠰᠦ ᠲᠡᠭᠡᠭᠡᠪᠦᠷᠢᠯᠡᠬᠦ  ᠬᠠᠷᠢᠭᠤᠴᠠᠨ᠎ᠠ᠂ ᠭᠠᠭᠴᠠ ᠮᠤᠳᠦ ᠬᠢᠯᠢ ᠵᠢᠨ ᠪᠣᠭᠣᠮᠲᠠ ᠵᠢᠨ ᠬᠢᠨᠠᠨ ᠬᠠᠮᠢᠶᠠᠷᠬᠤ ᠬᠥᠮᠥᠷᠭᠡ ᠵᠢᠨ ᠬᠦᠨᠲᠦ ᠵᠢᠨ ᠬᠡᠮᠵᠢᠯᠲᠠ ᠪᠠᠷ  ᠪᠠᠷᠢᠮᠵᠢᠶ᠎ᠠ ᠪᠣᠯᠭᠠᠵᠤ ᠂ ᠶᠠᠰᠤ ᠴᠢᠨᠠᠷ ᠢ ᠨᠢ ᠱᠦᠨ ᠵᠧᠦ ᠺᠣᠮᠫᠠᠨᠢ ᠵᠢᠨ ᠬᠢᠮᠢ ᠵᠢᠨ ᠰᠢᠯᠭᠠᠯᠲᠠ ᠵᠢᠨ ᠦᠷ᠎ᠡ ᠳ᠋ᠦᠩ ᠢᠶᠡᠷ ᠪᠠᠷᠢᠮᠵᠢᠶ᠎ᠠ ᠪᠣᠯᠭᠠᠨ᠎ᠠ᠂ ᠵᠣᠭᠣᠰ ᠥᠭᠬᠦ ᠠᠷᠭ᠎ᠠ ᠮᠠᠶ᠋ᠢᠭ ᠨᠢ ×× ᠲᠦᠯᠡᠰᠢᠨ ᠦ ᠺᠣᠮᠫᠠᠨᠢ ᠨᠢ ᠪᠠᠩᠬᠢ  ᠡᠴᠡ  ×× ᠨᠡᠭᠦᠷᠡᠰᠦᠨ  ᠺᠣᠮᠫᠠᠨᠢ ᠳᠤ ᠭᠡᠷ᠎ᠡ ᠵᠢᠨ ᠵᠦᠢᠯ ᠳᠣᠣᠷᠠᠬᠢ ᠪᠠᠷᠠᠭᠠᠨ  ᠵᠣᠭᠣᠰ  ᠪᠠᠷᠢᠮᠲᠠ ᠦᠵᠡᠮᠡᠭᠴᠡ ᠵᠤᠭᠤᠰ ᠦᠭᠬᠦ ᠬᠦᠴᠦᠨ ᠢ ᠨᠢ ᠦᠭᠡᠶᠢᠰᠬᠡᠵᠦ ᠦᠯᠦ ᠪᠤᠯᠬᠤ ᠤᠯᠤᠰᠳᠣᠲᠣᠭᠠᠳᠤ ᠵᠢᠨ ᠢᠲᠡᠭᠡᠮᠵᠢ ᠵᠢᠨ ᠲᠡᠮᠳᠡᠭ   ᠭᠠᠷᠭᠠᠯᠭᠠᠬᠤ ᠪᠠᠷ ᠭᠤᠶᠤᠴᠢᠯᠠᠨ᠎ᠠ ᠃ ᠢᠲᠡᠭᠡᠮᠵᠢ ᠵᠢᠨ ᠲᠡᠮᠳᠡᠭ ᠢᠶᠠᠷ  ᠪᠦᠯᠦᠭ ᠬᠤᠪᠢᠶᠠᠨ ᠪᠠᠷᠠᠭ᠎ᠠ ᠲᠤᠰᠢᠶᠠᠵᠦ ᠂ ᠪᠠᠷᠠᠭᠠᠨ  ᠵᠤᠭᠤᠰ ᠢ ᠪᠦᠯᠦᠭ ᠬᠤᠪᠢᠶᠠᠨ ᠳ᠋ᠦᠩᠨᠡᠨ ᠪᠣᠳᠣᠵᠤ ᠪᠣᠯᠤᠨ᠎ᠠ ᠂ ᠪᠠᠷᠠᠭ᠎ᠠ ᠲᠤᠰᠢᠶᠠᠬᠤ  ᠪᠦᠷᠢ ᠳ᠋ᠦ ᠲᠡᠮᠳᠡᠭ ᠭᠠᠷᠭᠠᠭᠰᠠᠨ ᠪᠠᠩᠬᠢ ᠨᠢ ᠪᠠᠷᠢᠮᠲᠠ ᠦᠵᠡᠮᠡᠭᠴᠡ ᠨᠢᠭᠡ ᠤᠳᠠᠭ᠎ᠠ ᠪᠠᠷᠠᠭᠠᠨ  ᠵᠣᠭᠣᠰ ᠲᠤᠰᠢᠶᠠᠨ᠎ᠠ᠃ ᠢᠲᠡᠭᠡᠮᠵᠢ ᠵᠢᠨ ᠳᠡᠮᠳᠡᠭ ᠢᠶᠡᠷ ᠳ᠋ᠦᠩᠨᠡᠨ ᠪᠤᠳᠤᠵᠤ ᠲᠤᠰᠢᠶᠠᠬᠤ ᠳᠤ ᠬᠡᠷᠡᠭᠰᠡᠬᠦ ᠪᠠᠷᠢᠮᠲᠠ ᠨᠢ ×× ᠨᠡᠭᠦᠷᠡᠰᠦᠨ ᠦ ᠺᠣᠮᠫᠠᠨᠢ ᠵᠢᠨ ᠭᠠᠷᠭᠠᠭᠰᠠᠨ ᠦᠷᠳᠡᠭ ᠨᠡᠮᠡᠭᠳᠡᠯᠭᠠᠶᠢᠯᠢ ᠵᠢᠨ ᠪᠠᠷᠢᠮᠲᠠ (ᠭᠠᠶᠢᠯᠢ ᠵᠢᠨ ᠨᠤᠷᠮ᠎ᠠ 17%) ᠪᠠ ×× ᠲᠦᠯᠡᠰᠢᠨ ᠦ ᠺᠣᠮᠫᠠᠨᠢ ᠵᠢᠨ ᠭᠠᠷᠭᠠᠭᠰᠠᠨ ᠪᠠᠷᠠᠭ᠎ᠠ ᠬᠦᠯᠢᠶᠡᠨ ᠠᠪᠴᠤ ᠳ᠋ᠦᠩᠨᠡᠨ ᠪᠤᠳᠤᠬᠤ  ᠨᠤᠲᠠᠯᠠᠭᠰᠠᠨ ᠪᠢᠴᠢᠭ ᠪᠤᠯᠤᠨ᠎ᠠ᠃ ᠢᠲᠡᠭᠡᠮᠵᠢ ᠵᠢᠨ ᠲᠡᠮᠳᠡᠭᠪᠠᠲᠤᠯᠠᠭ᠎ᠠ ᠵᠢᠨ ᠮᠥᠩᠭᠥ 85.5 ᠲᠦᠮᠡᠨ ᠲᠥᠭᠥᠷᠢᠭ ᠢ ᠱᠦᠨ ᠵᠧᠸ ᠺᠣᠮᠫᠠᠨᠢ ᠠᠴᠠ ×× ᠨᠡᠭᠦᠷᠡᠰᠦᠨ ᠦ ᠺᠣᠮᠫᠠᠨᠢ ᠶᠢ ᠣᠷᠣᠯᠠᠨ ᠥᠭᠭᠦᠨ᠎ᠡ᠃ 2014 ᠤᠨ  3 ᠰᠠᠷ᠎ᠠ ᠵᠢᠨ 18   ᠡᠲᠦᠷ ᠂ ×× ᠲᠦᠯᠡᠰᠢᠨ  ᠺᠣᠮᠫᠠᠨᠢ ×× ᠨᠡᠭᠦᠷᠡᠰᠦᠨ ᠦ ᠺᠣᠮᠫᠠᠨᠢ ᠳᠤ 5000 ᠲᠣᠨ ᠭᠣᠣᠯ ᠬᠡᠦᠷᠡᠰᠦᠨ ᠲᠦᠭᠦᠬᠡᠶ ᠨᠡᠭᠦᠷᠡᠰᠦ ᠂ 5000 ᠲᠣᠨ ᠴᠡᠪᠡᠷ ᠨᠡᠭᠦᠷᠡᠰᠦᠨ ᠤ《ᠪᠠᠷᠠᠭ᠎ᠠ ᠲᠠᠯᠪᠢᠬᠤ  ᠭᠤᠶᠤᠴᠢᠯᠠᠯ》ᠭᠠᠷᠭᠠᠵᠤ ᠂ ×× ᠨᠡᠭᠦᠷᠡᠰᠦᠨ  ᠺᠣᠮᠫᠠᠨᠢ  ×× ᠲᠦᠯᠡᠰᠢᠨ  ᠺᠣᠮᠫᠠᠨᠢ ᠳᠤ ᠭᠡᠷ᠎ᠡ ᠳᠦ ᠪᠣᠯᠵᠣᠨ ᠲᠣᠭᠲᠠᠭᠰᠠᠨ ᠨᠡᠭᠦᠷᠡᠰᠦ  ᠲᠤᠰᠢᠶᠠᠨ ᠦᠭᠭᠦᠭᠦᠯᠬᠦ ᠪᠡᠷ ᠭᠤᠶᠤᠴᠢᠯᠠᠪᠠ ᠃

××ᠲᠦᠯᠡᠰᠢᠨ ᠦ ᠺᠣᠮᠫᠠᠨᠢ ᠵᠢᠨ ᠠᠵᠢᠯᠲᠠᠨ ᠭᠤᠤ ᠣᠪᠣᠭᠲᠤ ᠱᠦᠨ ᠵᠧᠸ ᠺᠣᠮᠫᠠᠨᠢ ᠳᠦ ᠰᠠᠭᠤᠵᠤ᠂ ×× ᠨᠡᠭᠦᠷᠡᠰᠦᠨ ᠦ ᠺᠣᠮᠫᠠᠨᠢ ᠵᠢᠨ ᠨᠡᠭᠦᠷᠡᠰᠦᠨ ᠦ ᠲᠣᠭ᠎ᠠ ᠬᠡᠮᠵᠢᠶ᠎ᠡ ᠵᠢᠴᠢ ᠶᠠᠰᠤ ᠴᠢᠨᠠᠷ ᠲᠤ ᠬᠢᠨᠠᠯᠲᠠ ᠲᠠᠯᠪᠢᠬᠤ  ᠪᠣᠳᠠᠲᠠᠶ  ᠬᠠᠷᠢᠭᠤᠴᠠᠪᠠ᠃ ᠭᠡᠷ᠎ᠡ  ᠭᠦᠢᠴᠡᠳᠬᠡᠬᠦ ᠬᠤᠭᠤᠴᠠᠭᠠᠨ ᠳᠤ᠂ ᠭᠣᠣ ᠣᠪᠣᠭᠲᠤ᠂ ᠵᠧᠸ ᠣᠪᠣᠭᠲᠤ ᠣᠯᠠᠨ ᠤᠳᠠᠭ᠎ᠠ ᠴᠧᠨ ᠣᠪᠣᠭᠲᠤ  ᠳᠤ ᠨᠡᠭᠦᠷᠡᠰᠦ ᠬᠠᠩᠭᠠᠵᠤ᠂ ᠭᠡᠷ᠎ᠡ ᠵᠢᠨ ᠡᠭᠦᠷᠭᠡ ᠪᠠᠨ ᠭᠦᠢᠴᠡᠳᠬᠡᠬᠦ  ᠱᠠᠭᠠᠷᠳᠠᠵᠠᠢ᠃ 2014  ᠤᠨ  3 ᠰᠠᠷ᠎ᠠ ᠠᠴᠠ 6 ᠰᠠᠷ᠎ᠠ ᠪᠣᠯᠲᠠᠯ᠎ᠠ ᠴᠧᠨ ᠣᠪᠣᠭᠲᠤ ᠠᠴᠠ ᠲᠦᠭᠦᠬᠡᠢ ᠨᠡᠭᠦᠷᠡᠰᠦ 4865.8 ᠲᠣᠨ᠂ 1/3 ᠬᠡᠦᠷᠡᠰᠦᠨ ᠨᠡᠭᠦᠷᠡᠰᠦ 2815.16 ᠲᠣᠨ᠂ ᠨᠡᠶᠢᠲᠡ 7680.96 ᠲᠣᠨ ᠬᠤᠳᠠᠯᠳᠤᠨ ᠠᠪᠴᠤ᠂ ᠱᠦᠨ ᠵᠧᠸ ᠺᠣᠮᠫᠠᠨᠢ ᠳᠤ  ᠲᠡᠭᠡᠭᠡᠪᠦᠷᠢᠯᠡᠨ ᠠᠪᠠᠴᠢᠵᠠᠶ᠃ ᠱᠦᠨ ᠵᠧᠸ ᠺᠣᠮᠫᠠᠨᠢ ᠵᠢᠨ ᠬᠢᠮᠢ ᠵᠢᠨ ᠰᠢᠯᠭᠠᠯᠲᠠ ᠪᠠᠷ ᠲᠠᠮᠵᠢᠨ᠂ ᠳᠡᠭᠡᠷ᠎ᠡ ᠳᠤᠷᠠᠳᠤᠭᠰᠠᠨ ᠨᠡᠭᠦᠷᠡᠰᠦᠨ ᠦ ᠬᠡᠰᠡᠭ ᠨᠢ ᠭᠡᠷ᠎ᠡ ᠳᠦ ᠪᠣᠯᠵᠣᠨ ᠲᠣᠭᠲᠠᠭᠰᠠᠨ ᠶᠠᠰᠤ ᠴᠢᠨᠠᠷᠪᠠᠷᠢᠮᠵᠢᠶ᠎ᠠ ᠳᠤ ᠨᠡᠶᠢᠴᠡᠬᠦ ᠥᠬᠡᠶ᠃ ᠴᠧᠨ ᠣᠪᠣᠭᠲᠤ ᠠᠴᠠ ×× ᠲᠦᠯᠡᠰᠢᠨ  ᠺᠣᠮᠫᠠᠨᠢ ᠵᠢᠴᠢ ᠭᠣᠣ ᠣᠪᠣᠭᠲᠤ᠂ ᠵᠧᠸ ᠣᠪᠣᠭᠲᠤ  ᠪᠠᠷᠠᠭ᠎ᠠ ᠬᠦᠯᠢᠶᠡᠨ ᠠᠪᠤᠭᠰᠠᠨ  ᠨᠤᠳᠠᠯᠠᠯᠲᠠ ᠵᠢᠨ ᠪᠢᠴᠢᠭ ᠭᠠᠷᠭᠠᠵᠤ ᠥᠭᠬᠦ  ᠱᠠᠭᠠᠷᠳᠠᠵᠤ᠂ ᠪᠠᠩᠬᠢ  ᠳᠤ ᠪᠠᠷᠠᠭ᠎ᠠ ᠵᠢᠨ ᠵᠣᠭᠣᠰ ᠢ ᠲᠠᠰᠤᠯᠤᠨ ᠪᠣᠳᠣᠬᠤ ( ᠵᠥᠪᠯᠡᠨ ᠥᠭᠬᠦ ) ᠪᠡᠷ ᠬᠡᠷᠡᠭᠯᠡᠬᠦ ᠭᠡᠵᠡᠢ᠂ ×× ᠲᠦᠯᠡᠰᠢᠨ  ᠺᠣᠮᠫᠠᠨᠢ ᠵᠢᠴᠢ ᠵᠧᠸ ᠣᠪᠣᠭᠲᠤ ᠂ ᠭᠣᠣ ᠣᠪᠣᠭᠲᠤ ᠴᠥᠮ ᠪᠠᠷᠠᠭ᠎ᠠ  ᠣᠯᠤᠭᠰᠠᠨ ᠦᠭᠡᠶ ᠭᠡᠳᠡᠭ ᠢᠶᠡᠷ ᠰᠢᠯᠲᠠᠭ ᠪᠣᠯᠭᠠᠵᠤ᠂ ᠪᠠᠷᠠᠭ᠎ᠠ ᠬᠦᠯᠢᠶᠡᠨ ᠠᠪᠤᠭᠰᠠᠨ ᠢ ᠳ᠋ᠦᠩᠨᠡᠨ ᠪᠣᠳᠣᠭᠰᠠᠨ ᠨᠤᠲᠠᠯᠠᠯᠲᠠ ᠵᠢᠨ ᠪᠢᠴᠢᠭ ᠭᠠᠷᠭᠠᠬᠤ   ᠲᠡᠪᠴᠢᠪᠡ᠃ 2014 ᠤᠨ  7 ᠰᠠᠷ᠎ᠠ ᠵᠢᠨ 30   ᠡᠲᠦᠷ ᠢᠲᠡᠭᠡᠮᠵᠢ ᠵᠢᠨ ᠲᠡᠮᠳᠡᠭᠬᠤᠭᠤᠴᠠᠭ᠎ᠠ ᠨᠢ ᠳᠤᠯᠤᠭᠠᠳ ᠬᠦᠴᠦᠨ ᠦᠭᠡᠢ ᠪᠤᠯᠪᠠ᠃ ᠡᠨᠡᠬᠦ ᠬᠤᠭᠤᠴᠠᠭᠠᠨ ᠳᠤ᠂ 2014 ᠣᠨ  4 ᠰᠠᠷ᠎ᠠ ᠳᠤ ᠱᠦᠨ ᠵᠧᠸ ᠺᠣᠮᠫᠠᠨᠢ ᠵᠢᠨ ᠬᠠᠷᠢᠭᠤᠴᠠᠯᠭᠠᠲᠠᠨ ᠵᠠᠩ ᠣᠪᠣᠭᠲᠤ᠂ ᠴᠧᠨ ᠣᠪᠣᠭᠲᠤ ᠨᠢᠭᠡᠳᠦᠭᠡᠷ ᠪᠣᠯᠤᠨ ᠴᠧᠨ ᠣᠪᠣᠭᠲᠤ ᠳᠡᠭᠡᠷ᠎ᠡ ᠳᠤᠷᠠᠳᠤᠭᠰᠠᠨ ᠬᠡᠰᠡᠭ ᠨᠡᠭᠦᠷᠡᠰᠦ  ᠱᠠᠨᠰᠢ ᠵᠢᠨ ᠳ᠋ᠠ ᠴᠢᠨ ᠨᠡᠭᠦᠷᠡᠰᠦᠨ ᠦ ᠦᠶᠯᠡᠰᠬᠢᠵᠠᠭᠠᠷᠲᠤ ᠺᠣᠮᠫᠠᠨᠢ ᠳᠤ ᠬᠤᠳᠠᠯᠳᠤᠨ ᠥᠭᠬᠦ ᠲᠤᠬᠠᠶ ᠵᠥᠪᠳᠡᠯᠴᠡᠪᠡ᠃ ᠬᠡᠷᠡᠭ ᠭᠠᠷᠤᠭᠰᠠᠨ  ᠳᠠᠷᠠᠭ᠎ᠠ᠂ ᠦᠶᠤᠸᠠᠨ ᠰᠢᠶᠠᠨ  ᠳᠣᠲᠣᠭᠠᠳᠤ  ᠬᠠᠮᠠᠭᠠᠯᠠᠬᠤ ᠲᠣᠪᠴᠢᠢ᠎ᠠ ᠦᠶᠤᠸᠠᠨ ᠰᠢᠶᠠᠨ  ᠱᠦᠨ ᠵᠧᠦ ᠺᠣᠮᠫᠠᠨᠢ ᠵᠢᠨ ᠨᠡᠭᠦᠷᠡᠰᠦᠨ ᠲᠠᠯᠠᠪᠤᠷ ᠲᠤ ᠬᠠᠳᠠᠭᠠᠯᠠᠵᠤ ᠪᠠᠶᠢᠭᠰᠠᠨ 4000 ᠭᠠᠷᠤᠢ ᠲᠣᠨ ᠨᠡᠭᠦᠷᠡᠰᠦ   ᠳᠠᠷᠤᠵᠤ ᠠᠪᠤᠪᠠ᠃

ᠲᠤᠰ ᠬᠣᠷᠢᠶ᠎ᠠ ᠳᠠᠬᠢᠨ ᠪᠠᠶᠢᠴᠠᠭᠠᠭᠠᠳ᠂ ×× ᠲᠦᠯᠡᠰᠢᠨ  ᠺᠣᠮᠫᠠᠨᠢ ᠪᠣᠯᠤᠨ ᠴᠧᠨ ᠣᠪᠣᠭᠲᠤ ᠬᠤᠳᠠᠯᠳᠤᠨ ᠠᠪᠬᠤ ᠭᠡᠷ᠎ᠡ ᠲᠣᠭᠲᠠᠵᠤ᠂ ᠦᠨᠡᠨ ᠪᠣᠳᠠᠲᠠᠶ ᠠᠷᠠᠯᠵᠢᠶᠠᠨ  ᠬᠦᠰᠡᠯ ᠲᠡᠶ ᠪᠠᠶᠢᠵᠤ᠂ ᠦᠨᠡᠨ ᠪᠣᠳᠠᠲᠠᠶ ᠬᠤᠳᠠᠯᠳᠤᠨ ᠠᠪᠬᠤ ᠭᠡᠷ᠎ᠡ ᠳᠤᠭᠲᠠᠨ᠂ ᠢᠲᠡᠭᠡᠮᠵᠢ ᠵᠢᠨ ᠲᠡᠮᠳᠡᠭ ᠪᠠᠶᠢᠭᠤᠯᠤᠭᠰᠠᠨ ᠪᠥᠭᠡᠳ ᠭᠣᠸ ᠣᠪᠣᠭᠲᠤ  ᠱᠦᠨ ᠵᠧᠸ ᠺᠣᠮᠫᠠᠨᠢ ᠳᠤ ᠲᠣᠮᠢᠯᠠᠨ ᠲᠣᠭ᠎ᠠ ᠬᠡᠮᠵᠢᠶ᠎ᠡ  ᠬᠠᠷᠭᠤᠭᠤᠯᠵᠤ᠂ ᠶᠠᠰᠤ ᠴᠢᠨᠠᠷ ᠲᠤ ᠬᠢᠨᠠᠯᠲᠠ ᠲᠠᠯᠪᠢᠬᠤ  ᠬᠠᠷᠢᠭᠤᠴᠠᠭᠤᠯᠵᠠᠶ᠃ ᠭᠦᠢᠴᠡᠳᠬᠡᠬᠦ ᠶᠠᠪᠤᠴᠠ ᠳᠤ᠂ ᠭᠤᠤ ᠣᠪᠣᠭᠲᠤ ᠪᠠᠷᠠᠭ᠎ᠠ ᠬᠦᠯᠢᠶᠡᠨ ᠠᠪᠤᠭᠰᠠᠨ  ᠨᠤᠳᠠᠯᠠᠯᠲᠠ ᠵᠢᠨ ᠪᠢᠴᠢᠭ ᠭᠠᠷᠭᠠᠵᠤ ᠥᠭᠭᠦᠭᠰᠡᠨ ᠦᠭᠡᠢ᠂ ×× ᠲᠦᠯᠡᠰᠢᠨ ᠦ ᠺᠣᠮᠫᠠᠨᠢ ᠴᠤ ᠬᠡᠷᠡᠭ ᠲᠦ ᠬᠣᠯᠪᠣᠭᠳᠠᠭᠰᠠᠨ ᠵᠣᠭᠣᠰ ᠮᠥᠩᠭᠥ ᠡᠳ᠋ ᠪᠣᠳᠠᠰ ᠢ ᠪᠣᠳᠠᠲᠠᠢ ᠡᠵᠡᠮᠰᠢᠭᠰᠡᠨ ᠦᠭᠡᠢ ᠪᠥᠭᠡᠳ ᠰᠢᠢᠳᠪᠦᠷᠢᠯᠡᠭᠰᠡᠨ ᠦᠭᠡᠢ᠂ ×× ᠲᠦᠯᠡᠰᠢᠨ  ᠺᠣᠮᠫᠠᠨᠢ ᠵᠣᠷᠢᠭᠤᠳᠠ ᠬᠠᠤᠯᠢ ᠪᠤᠰᠤ ᠪᠠᠷ ᠡᠵᠡᠮᠰᠢᠬᠦ ᠭᠡᠰᠡᠨ ᠪᠢᠰᠢ ᠭᠡᠵᠦ ᠦᠵᠡᠵᠡᠢ ᠃

×× ᠲᠦᠯᠡᠰᠢᠨ ᠦ ᠺᠣᠮᠫᠠᠨᠢ 2014 ᠣᠨ ᠳᠤ ᠱᠦᠨ ᠵᠧᠸ ᠺᠣᠮᠫᠠᠨᠢ ᠠᠴᠠ ᠵᠦᠭᠡᠭᠡᠪᠦᠷᠢᠯᠡᠨ ᠠᠪᠠᠴᠢᠭᠰᠠᠨ 697 ᠲᠣᠨ ᠨᠡᠭᠦᠷᠡᠰᠦ ᠨᠢ ᠲᠡᠭᠦᠨ ᠦ ᠾᠧᠪᠧᠶ ᠵᠢᠨ ᠭᠦᠸᠧ ᠬᠤᠸ ᠺᠣᠮᠫᠠᠨᠢ ᠲᠠᠢ ᠬᠠᠮᠲᠤ ᠾᠧᠪᠧᠶ ᠵᠢᠨ ᠴᠧᠩ ᠳ᠋ᠧ ᠪᠣᠯᠣᠳ ᠲᠡᠮᠦᠷᠦᠶᠯᠡᠳᠪᠦᠷᠢ ᠳᠦ ᠬᠠᠩᠭᠠᠭᠰᠠᠨ ᠨᠡᠭᠦᠷᠡᠰᠦ ᠪᠤᠯᠤᠨ᠎ᠠ᠂ ᠾᠧᠪᠧᠶ ᠵᠢᠨ ᠭᠦᠸᠧ ᠬᠤᠸ ᠺᠣᠮᠫᠠᠨᠢ ᠨᠢᠭᠡᠨᠲᠡ ᠱᠦᠨ ᠵᠧᠸ ᠺᠣᠮᠫᠠᠨᠢ ᠳᠤ ᠵᠣᠭᠣᠰ ᠥᠭᠴᠦ᠂ 697 ᠲᠣᠨ ᠨᠡᠭᠦᠷᠡᠰᠦ ᠨᠢ ×× ᠨᠡᠭᠦᠷᠡᠰᠦᠨ ᠦ ᠺᠣᠮᠫᠠᠨᠢ ᠵᠢᠨ ᠪᠣᠯᠬᠤ  ᠭᠡᠷᠡᠴᠢᠯᠡᠬᠦ ᠭᠡᠷᠡᠴᠢ ᠪᠠᠷᠢᠮᠲᠠ ᠦᠭᠡᠶ᠃

×× ᠲᠦᠯᠡᠰᠢᠨ ᠦ ᠺᠣᠮᠫᠠᠨᠢ᠂ ᠵᠧᠸ ᠣᠪᠣᠭᠲᠤ᠂ ᠭᠤᠤ ᠣᠪᠣᠭᠲᠤ ᠵᠢᠨ ᠠᠵᠢᠯᠯᠠᠭ᠎ᠠ ᠨᠢ ᠢᠲᠡᠭᠡᠮᠵᠢ ᠵᠢᠨ ᠲᠡᠮᠳᠡᠭ ᠢᠶᠡᠷ ᠬᠢᠬᠠᠨ ᠮᠡᠬᠡᠯᠡᠭᠰᠡᠨ ᠶᠠᠯ᠎ᠠ ᠵᠢᠨ ᠪᠦᠷᠢᠯᠳᠦᠬᠦ ᠴᠢᠬᠤᠯᠠ ᠨᠥᠬᠥᠴᠡᠯ ᠳᠦ ᠨᠡᠶᠢᠴᠡᠬᠦ ᠦᠭᠡᠶ᠂ ᠪᠠᠶᠠᠨᠨᠠᠭᠤᠷ ᠬᠤᠲᠠ ᠵᠢᠨ ᠠᠷᠠᠳᠪᠠᠶᠢᠴᠠᠭᠠᠬᠤ ᠬᠤᠷᠢᠶ᠎ᠠ ᠵᠢᠨ ᠤᠤᠯᠦᠯᠦ ᠵᠠᠭᠠᠯᠳᠤᠬᠤ ᠲᠣᠭᠲᠠᠭᠠᠯ ᠨᠢ ᠵᠥᠪ ᠣᠨᠣᠪᠴᠢᠲᠠᠢ  ᠪᠤᠯᠤᠨ᠎ᠠ᠃

ᠲᠣᠰ ᠬᠣᠷᠢᠶ᠎ᠠ᠂ ᠪᠠᠶᠠᠨᠨᠠᠭᠤᠷ ᠬᠣᠲᠠ ᠵᠢᠨ ᠠᠷᠠᠳᠪᠠᠶᠢᠴᠠᠭᠠᠬᠤ ᠬᠣᠷᠢᠶ᠎ᠠ ᠵᠢᠨ ᠪᠠᠶᠠᠨᠨᠠᠭᠤᠷ ᠪᠠᠶᠢᠴᠠᠭᠠᠬᠤ  ᠵᠠᠭᠠᠯᠳᠤᠬᠤ ᠡᠷᠡᠭᠦᠦ ᠥᠯᠥ ᠵᠠᠭᠠᠯᠳᠤᠬᠤ︵2018 ︶1᠂ 2᠂ 3 ᠳ᠋ᠤᠭᠠᠷ ᠲᠣᠭᠠᠲᠤ ᠥᠯᠥ ᠵᠠᠭᠠᠯᠳᠤᠬᠤ ᠲᠣᠭᠲᠠᠭᠠᠯ ᠢ ᠪᠠᠷᠢᠮᠲᠠᠯᠠᠨ᠎ᠠ ᠃

 

                                      2020 ᠣᠨ  3 ᠰᠠᠷ᠎ᠠ ᠵᠢᠨ 20  ᠡᠳᠦᠷ

 


ᠢᠷᠡᠯᠲᠡ
ᠦᠪᠡᠷᠲᠡᠭᠡᠨ ᠵᠠᠰᠠᠬᠤ ᠤᠷᠤᠨ  ᠠᠷᠠᠳᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro