ᠦᠪᠦᠷ ᠮᠤᠩᠭᠤᠯᠪᠠᠶᠢᠴᠠᠭᠠᠬᠤ ᠪᠠᠶᠢᠭᠤᠯᠭ᠎ᠠ ᠬᠠᠥᠯᠢ ᠶᠤᠰᠤᠭᠠᠷ ᠰᠢᠥᠸᠠᠢ ᠱᠸᠩ ᠴᠢ ᠵᠢᠨ ᠬᠠᠬᠤᠥᠯᠢ ᠢᠳᠡᠭᠰᠡᠨ᠂ ᠱᠠᠮᠰᠢᠭᠰᠠᠨ᠂ ᠯᠤᠳᠤ ᠶᠡᠬᠡ ᠲᠤᠭᠠᠨ ᠡᠳ᠋ ᠬᠦᠷᠦᠩᠭᠡ ᠵᠢᠨ ᠢᠷᠡᠯᠲᠡ ᠨᠢ ᠲᠤᠳᠤᠷᠬᠠᠢ ᠪᠤᠰᠤ ᠪᠠᠷ ᠰᠡᠵᠢᠭᠯᠡᠭᠳᠡᠭᠰᠡᠨ ᠬᠡᠷᠡᠭ ᠲᠦ ᠠᠯᠪᠠᠨ ᠵᠠᠭᠠᠯᠳᠤᠯᠭ᠎ᠠ ᠭᠠᠷᠭᠠᠪᠠ
ᠡᠮᠦᠨᠡᠬᠡᠨ᠂ ᠦᠪᠦᠷ ᠮᠤᠩᠭᠤᠯᠡᠨᠡᠸ᠋ᠷᠬᠢ ᠪᠡᠷ ᠴᠠᠬᠢᠯᠭᠠᠨ ᠭᠠᠷᠭᠠᠬᠤ ᠪᠡᠯᠡ ᠤᠷᠤᠭᠤᠯᠤᠯᠲᠠ ᠵᠢᠨ ᠪᠦᠯᠦᠭᠯᠡᠯᠲᠦ ᠬᠢᠵᠠᠭᠠᠷᠲᠦ ᠺᠤᠮᠫᠠᠨᠢ ᠵᠢᠨ ᠤᠤᠯᠨᠠᠮᠬᠤᠷᠢᠶᠠᠨ ᠱᠦᠵᠢ᠂ ᠬᠡᠷᠡᠭ ᠮᠡᠳᠡᠭᠴᠢ ᠵᠢᠨ ᠳᠠᠷᠣᠭ᠎ᠠ ᠰᠢᠥᠸᠠᠢ ᠱᠸᠩ ᠴᠢ ︵ ᠵᠢᠩᠬᠢᠨᠢ ᠲᠢᠩᠬᠢᠮᠳᠡᠰ︶ ᠵᠢᠨ ᠬᠠᠬᠤᠥᠯᠢ ᠢᠳᠡᠭᠰᠡᠨ ᠶᠠᠯ᠎ᠠ᠂ ᠱᠠᠮᠰᠢᠭᠰᠠᠨ ᠶᠠᠯ᠎ᠠ᠂ ᠯᠤᠳᠤ ᠶᠡᠬᠡ ᠲᠤᠭᠠᠨ ᠡᠳ᠋ ᠬᠦᠷᠦᠩᠭᠡ ᠵᠢᠨ ᠢᠷᠡᠯᠲᠡ ᠨᠢ ᠲᠤᠳᠤᠷᠬᠠᠢ ᠪᠤᠰᠤ ᠶᠠᠯ᠎ᠠ ᠪᠠᠷ ᠰᠡᠵᠢᠭᠯᠡᠭᠳᠡᠭᠰᠡᠨ ᠨᠢᠭᠡᠨ ᠬᠡᠷᠡᠭ ᠢ ᠦᠪᠦᠷ ᠮᠤᠩᠭᠤᠯᠦᠪᠡᠷᠲᠡᠭᠡᠨ ᠵᠠᠰᠠᠬᠤ ᠤᠷᠤᠨ ᠪᠠᠶᠢᠴᠠᠭᠠᠬᠤ ᠬᠤᠷᠢᠶ᠎ᠠ ᠬᠠᠷᠢᠶᠠᠯᠠᠯ ᠢ ᠵᠢᠭᠠᠨ ᠳᠤᠭᠲᠠᠭᠠᠵᠤ᠂ ᠤᠯᠠᠭᠠᠨᠬᠠᠳᠠ ᠬᠤᠲᠠ ᠵᠢᠨ ᠪᠠᠶᠢᠴᠠᠭᠠᠬᠤ ᠬᠤᠷᠢᠶ᠎ᠠ ᠬᠠᠥᠯᠢ ᠶᠤᠰᠤᠭᠠᠷ ᠤᠯᠠᠭᠠᠨᠬᠠᠳᠠ ᠬᠤᠲᠠ ᠵᠢᠨ ᠲᠤᠮᠲᠠ ᠵᠡᠷᠭᠡ ᠵᠢᠨ ᠰᠢᠬᠦᠬᠦ ᠬᠤᠷᠢᠶᠠᠨ ᠳᠤ ᠠᠯᠪᠠᠨ ᠵᠠᠭᠠᠯᠳᠤᠯᠭ᠎ᠠ ᠭᠠᠷᠭᠠᠪᠠ᠃
ᠪᠠᠶᠢᠴᠠᠭᠠᠬᠤ ᠬᠤᠷᠢᠶ᠎ᠠ ᠬᠢᠨᠡᠨ ᠪᠠᠶᠢᠴᠠᠭᠠᠵᠤ ᠵᠠᠭᠠᠯᠳᠤᠬᠤ ᠱᠠᠲᠤᠨ ᠳᠤ᠂ ᠬᠠᠥᠯᠢ ᠶᠤᠰᠤᠭᠠᠷ ᠵᠠᠭᠠᠯᠳᠤᠭᠳᠠᠭᠴᠢ ᠰᠢᠥᠸᠠᠢ ᠱᠸᠩ ᠴᠢ ᠵᠢᠨ ᠡᠳ᠋ᠯᠡᠬᠦ ᠵᠠᠷᠭᠤ ᠵᠢᠨ ᠡᠷᠬᠡ ᠮᠡᠳᠡᠭᠳᠡᠭᠰᠡᠨ ᠪᠦᠭᠡᠳ ᠬᠠᠥᠯᠢ ᠶᠤᠰᠤᠭᠠᠷ ᠯᠠᠪᠯᠠᠨ ᠠᠰᠠᠭᠤᠵᠤ᠂ ᠦᠮᠦᠭᠯᠡᠭᠴᠢ ᠵᠢᠨ ᠰᠠᠨᠠᠯ ᠢ ᠰᠤᠨᠤᠰᠴᠠᠢ᠃ ᠤᠯᠠᠭᠠᠨᠬᠠᠳᠠ ᠬᠤᠳᠠ ᠵᠢᠨ ᠪᠠᠶᠢᠴᠠᠭᠠᠬᠤ ᠬᠤᠷᠢᠶ᠎ᠠ ᠵᠠᠭᠠᠯᠳᠤᠭᠰᠠᠨ ᠨᠢ᠄ ᠵᠠᠭᠠᠯᠳᠤᠭᠳᠠᠭᠴᠢ ᠰᠢᠥᠸᠠᠢ ᠱᠸᠩ ᠴᠢ ᠦᠪᠦᠷ ᠮᠤᠩᠭᠤᠯᠵᠡᠭᠦᠨᠭᠠᠷ ᠳ᠋ᠠ ᠹᠠᠨ ᠫᠦ᠋ ᠴᠠᠬᠢᠯᠭᠠᠨ ᠭᠠᠷᠭᠠᠬᠤ ᠬᠢᠵᠠᠭᠠᠷᠲᠦ ᠬᠠᠷᠢᠭᠤᠴᠠᠯᠭᠠᠲᠦ ᠺᠤᠮᠫᠠᠨᠢ ᠵᠢᠨ ᠶᠡᠷᠦᠩᠬᠡᠢ ᠳᠠᠭᠠᠭᠠᠮᠠᠯ ᠂ ᠦᠪᠦᠷ ᠮᠤᠩᠭᠤᠯ ᠤᠨ ᠡᠨᠡᠸ᠋ᠷᠬᠢ ᠪᠠᠷ ᠴᠠᠬᠢᠯᠭᠠᠨ ᠭᠠᠷᠭᠠᠬᠤ ᠪᠡᠯᠡ ᠤᠷᠤᠭᠤᠯᠤᠯᠲᠠ ᠵᠢᠨ ᠬᠢᠵᠠᠭᠠᠷᠲᠦ ᠺᠤᠮᠫᠠᠨᠢ ᠵᠢᠨ ᠳᠡᠳ᠋ ᠶᠡᠷᠦᠩᠬᠡᠢ ᠳᠠᠭᠠᠭᠠᠮᠠᠯ᠂ ᠦᠪᠦᠷ ᠮᠤᠩᠭᠤᠯᠤᠯᠤᠰᠴᠠᠬᠢᠯᠭᠠᠨ ᠡᠨᠡᠸ᠋ᠷᠬᠢ ᠵᠢᠨ ᠪᠡᠯᠡ ᠤᠷᠤᠭᠤᠯᠤᠯᠲᠠ ᠵᠢᠨ ᠬᠢᠵᠠᠭᠠᠷᠲᠦ ᠺᠤᠮᠫᠠᠨᠢ ᠵᠢᠨ ᠬᠡᠷᠡᠭ ᠮᠡᠳᠡᠭᠴᠢ ᠵᠢᠨ ᠳᠠᠷᠤᠭ᠎ᠠ᠂ ᠦᠪᠦᠷ ᠮᠤᠩᠭᠤᠯᠡᠨᠡᠸ᠋ᠷᠬᠢ ᠪᠠᠷ ᠴᠠᠬᠢᠯᠭᠠᠨ ᠭᠠᠷᠭᠠᠬᠤ ᠪᠡᠯᠡ ᠤᠷᠤᠭᠤᠯᠤᠯᠲᠠ ᠵᠢᠨ ᠪᠦᠯᠦᠭᠯᠡᠯᠲᠦ ᠬᠢᠵᠠᠭᠠᠷᠲᠦ ᠺᠤᠮᠫᠠᠨᠢ ᠵᠢᠨ ᠨᠠᠮᠬᠤᠷᠢᠶᠠᠨ ᠱᠦᠵᠢ᠂ ᠬᠡᠷᠡᠭ ᠮᠡᠳᠡᠭᠴᠢ ᠵᠢᠨ ᠳᠠᠷᠤᠭ᠎ᠠ ᠵᠡᠷᠭᠡ ᠡᠷᠬᠡ ᠲᠤᠰᠢᠶᠠᠯ ᠵᠢᠨ ᠲᠦᠭᠦᠮ ᠢᠶᠡᠨ ᠠᠰᠢᠭᠯᠠᠨ ᠪᠤᠰᠤᠳᠡᠳ᠋ ᠮᠦᠩᠭᠦ ᠨᠡᠬᠡᠨ ᠠᠪᠤᠭᠰᠠᠨ ᠪᠤᠶᠤ ᠬᠠᠥᠯᠢ ᠪᠤᠰᠤ ᠪᠠᠷ ᠬᠦᠯᠢᠶᠠᠨ ᠠᠪᠴᠦ᠂ ᠪᠤᠰᠤᠳ ᠲᠤ ᠠᠰᠢᠭ ᠲᠤᠰᠠ ᠤᠯᠭᠠᠤᠰᠠᠨ ᠲᠤᠭ᠎ᠠ ᠬᠡᠮᠵᠢᠶ᠎ᠡ ᠨᠢ ᠯᠤᠳᠦ ᠶᠡᠬᠡ︔ ᠦᠪᠦᠷ ᠮᠤᠩᠭᠤᠯᠤᠯᠤᠰᠴᠠᠬᠢᠯᠭᠠᠨ ᠡᠨᠡᠸ᠋ᠷᠬᠢ ᠵᠢᠨ ᠪᠡᠯᠡ ᠤᠷᠤᠭᠤᠯᠤᠯᠲᠠ ᠵᠢᠨ ᠬᠢᠵᠠᠭᠠᠷᠲᠦ ᠺᠤᠮᠫᠠᠨᠢ ᠵᠢᠨ ᠬᠡᠷᠡᠭ ᠮᠡᠳᠡᠭᠴᠢ ᠵᠢᠨ ᠳᠠᠷᠤᠭ᠎ᠠ ᠵᠢᠨ ᠡᠷᠬᠡ ᠲᠤᠰᠢᠶᠠᠯ ᠢᠶᠠᠨ ᠠᠰᠢᠭᠯᠠᠨ᠂ ᠨᠠᠶᠢᠳᠡ ᠵᠢᠨ ᠡᠳ᠋ ᠮᠦᠩᠭᠦ ᠬᠠᠥᠯᠢ ᠪᠤᠰᠤ ᠪᠠᠷ ᠡᠵᠡᠮᠰᠢᠵᠦ᠂ ᠲᠤᠭ᠎ᠠ ᠬᠡᠮᠵᠢᠶ᠎ᠡ ᠨᠢ ᠨᠡᠯᠢᠶᠡᠳ ᠶᠡᠬᠡ︔ ᠡᠳ᠋ ᠬᠦᠷᠦᠩᠭᠡ ᠪᠠ ᠭᠠᠷᠤᠯᠭ᠎ᠠ ᠨᠢ ᠬᠠᠥᠯᠢ ᠶᠤᠰᠤᠨ ᠣᠷᠣᠯᠭ᠎ᠠ ᠠᠴᠠ ᠢᠯᠡᠳᠲᠡ ᠳᠠᠪᠠᠵᠣ᠂ ᠵᠦᠷᠢᠶ᠎ᠡ ᠨᠢ ᠤᠨᠴᠠᠭᠠᠢ ᠯᠤᠳᠤ ᠶᠡᠬᠡ ᠪᠠᠶᠢᠵᠤ᠂ ᠢᠷᠡᠯᠲᠡ ᠨᠢ ᠬᠡᠯᠡᠵᠦ ᠲᠡᠶᠢᠯᠬᠦ ᠦᠭᠡᠢ ᠂ ᠬᠠᠥᠯᠢ ᠶᠤᠰᠤᠭᠠᠷ ᠬᠠᠬᠤᠥᠯᠢ ᠢᠳᠡᠭᠰᠡᠨ ᠶᠠᠯ᠎ᠠ᠂ ᠱᠠᠮᠰᠢᠭᠰᠠᠨ ᠶᠠᠯ᠎ᠠ᠂ ᠯᠤᠳᠤ ᠶᠡᠬᠡ ᠲᠤᠭᠠᠨ ᠡᠳ᠋ ᠬᠦᠷᠦᠩᠭᠡ ᠵᠢᠨ ᠢᠷᠡᠯᠲᠡ ᠨᠢ ᠲᠤᠳᠤᠷᠬᠠᠢ ᠪᠤᠰᠤ ᠶᠠᠯ᠎ᠠ ᠪᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃