ᠦᠪᠦᠷ ᠮᠤᠩᠭᠤᠯᠪᠠᠶᠢᠴᠠᠭᠠᠬᠤ ᠪᠠᠶᠢᠭᠤᠯᠭ᠎ᠠ ᠬᠠᠥᠯᠢ ᠶᠤᠰᠤᠭᠠᠷ ᠰᠢᠥᠢ ᠾᠦᠩ ᠭᠤᠸᠠᠩ ᠢ ᠪᠠᠷᠢᠪᠴᠢᠯᠠᠬᠤ ᠪᠠᠷ ᠲᠤᠭᠲᠠᠪᠠ
ᠦᠪᠦᠷ ᠮᠤᠩᠭᠤᠯᠦᠪᠡᠷᠲᠡᠭᠡᠨ ᠵᠠᠰᠠᠬᠤ ᠤᠷᠤᠨ ᠬᠠᠥᠯᠢ ᠴᠠᠭᠠᠵᠠ ᠵᠢᠨ ᠲᠢᠩᠬᠢᠮᠤᠤᠯᠨᠠᠮᠬᠤᠷᠢᠶᠠᠨ ᠭᠡᠰᠢᠭᠦᠨ᠂ ᠳᠡᠳ᠋ ᠲᠢᠩᠬᠢᠮᠲᠠᠷᠤᠭᠠ ᠂ ᠦᠪᠡᠷᠲᠡᠭᠡᠨ ᠵᠠᠰᠠᠬᠤ ᠤᠷᠤᠨ ᠬᠢᠨᠳᠠᠨ ᠬᠠᠮᠢᠶᠠᠷᠤᠯᠲᠠ ᠵᠢᠨ ᠲᠤᠪᠴᠢᠶ᠎ᠠ ᠵᠢᠨ ᠤᠤᠯᠨᠠᠮᠬᠤᠷᠢᠶᠠᠨ ᠳᠡᠳ᠋ ᠱᠦᠵᠢ᠂ ᠲᠤᠪᠴᠢᠶᠠᠨ ᠳᠠᠷᠤᠭ᠎ᠠ ᠬᠠᠪᠰᠤᠷᠭᠠᠭᠴᠢ ᠰᠢᠥᠢ ᠾᠦᠩ ᠭᠤᠸᠠᠩ ︵ ᠵᠢᠩᠬᠢᠨᠢ ᠲᠢᠩᠬᠢᠮᠳᠡᠰ︶ ᠬᠠᠬᠤᠥᠯᠢ ᠢᠳᠠᠭ᠍ᠰᠡᠨ ᠢᠶᠠᠷ ᠰᠡᠵᠢᠭᠯᠡᠭᠳᠡᠭᠰᠡᠨ ᠨᠢᠭᠡᠨ ᠭᠡᠷᠡᠭ ᠢ ᠦᠪᠦᠷ ᠮᠤᠩᠭᠤᠯᠦᠪᠡᠷᠲᠡᠭᠡᠨ ᠵᠠᠰᠠᠬᠤ ᠤᠷᠤᠨ ᠬᠢᠨᠠᠨ ᠪᠠᠶᠢᠴᠠᠭᠠᠬᠤ ᠺᠤᠮᠢᠰ ᠪᠠᠶᠢᠴᠠᠭᠠᠨ ᠳᠠᠭᠤᠰᠬᠠᠵᠤ᠂ ᠪᠠᠶᠢᠴᠠᠭᠠᠬᠤ ᠬᠤᠷᠢᠶᠠᠨ ᠳᠤ ᠵᠠᠭᠠᠯᠳᠤᠬᠤ ᠬᠢᠨᠡᠨ ᠪᠠᠶᠢᠴᠠᠭᠠᠯᠭᠠᠬᠤ ᠪᠠᠷ ᠰᠢᠯᠵᠢᠭᠦᠯᠦᠨ ᠬᠦᠷᠭᠡᠪᠡ᠃ ᠦᠪᠦᠷ ᠮᠤᠩᠭᠤᠯᠦᠪᠡᠷᠲᠡᠭᠡᠨ ᠵᠠᠰᠠᠬᠤ ᠤᠷᠤᠨ ᠪᠠᠶᠢᠴᠠᠭᠠᠬᠤ ᠬᠤᠷᠢᠶ᠎ᠠ ᠬᠠᠷᠢᠶᠠᠯᠠᠯ ᠢ ᠵᠢᠭᠠᠨ ᠳᠤᠭᠲᠠᠭᠠᠬᠤ ᠪᠠᠷ ᠳᠠᠮᠵᠢᠵᠦ᠂ ᠬᠦᠯᠦᠨ ᠪᠤᠶᠢᠷ ᠬᠤᠳᠠ ᠵᠢᠨ ᠪᠠᠶᠢᠴᠠᠭᠠᠬᠤ ᠬᠤᠷᠢᠶ᠎ᠠ ᠵᠠᠭᠠᠯᠳᠤᠬᠤ ᠬᠢᠨᠠᠨ ᠪᠠᠶᠢᠴᠠᠭᠠᠨ᠎ᠠ᠃ ᠡᠮᠦᠨᠡᠬᠡᠨ᠂ ᠬᠦᠯᠦᠨ ᠪᠤᠶᠢᠷ ᠬᠤᠲᠠ ᠵᠢᠨ ᠠᠷᠠᠳ ᠪᠠᠶᠢᠴᠠᠭᠠᠬᠤ ᠬᠤᠷᠢᠶ᠎ᠠ ᠬᠠᠥᠯᠢ ᠶᠤᠰᠤᠭᠠᠷ ᠬᠠᠬᠤᠥᠯᠢ ᠢᠳᠡᠭᠰᠡᠨ ᠰᠡᠵᠢᠭᠯᠡᠯᠲᠡᠢ ᠬᠡᠷᠡᠭ ᠢᠶᠡᠷ ᠰᠢᠥᠢ ᠾᠦᠩ ᠭᠤᠸᠠᠩ ᠢ ᠪᠠᠷᠢᠪᠴᠢᠯᠠᠬᠤ ᠪᠠᠷ ᠳᠤᠭᠲᠠᠪᠠ᠃ ᠲᠤᠰ ᠬᠡᠷᠡᠭ ᠢ ᠶᠠᠭ ᠤᠯᠠᠮ ᠨᠢᠭᠡ ᠠᠯᠬᠤᠮ ᠰᠢᠢᠳᠪᠦᠷᠢᠯᠡᠵᠦ ᠪᠠᠵᠢᠨ᠎ᠠ᠃