ᠥᠪᠥᠷ ᠮᠣᠩᠭᠣᠯᠪᠠᠶᠢᠴᠠᠭᠠᠬᠤ ᠪᠠᠶᠢᠭᠤᠯᠭ᠎ᠠ ᠬᠠᠤᠯᠢ ᠶᠣᠰᠣᠭᠠᠷ ᠵᠠᠩ ᠹᠦ᠋ ᠱᠧᠩ ᠳᠦ ᠪᠠᠷᠢᠪᠴᠢᠯᠠᠬᠤ ᠲᠣᠭᠲᠠᠭᠠᠯ ᠭᠠᠷᠭᠠᠪᠠ
ᠲᠦᠷᠦᠭᠦᠬᠡᠨ ᠂ ᠥᠪᠥᠷ ᠮᠣᠩᠭᠣᠯᠴᠠᠬᠢᠯᠭᠠᠨ ᠬᠦᠴᠦᠨ ( ᠪᠦᠯᠦᠭᠯᠡᠯ ) ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠵᠢᠨ ᠤᠤᠯᠨᠠᠮᠬᠣᠷᠢᠶᠠᠨ ᠳᠡᠳ᠋ ᠱᠦᠵᠢ ᠂ ᠶᠡᠷᠦᠩᠬᠡᠶ ᠳᠠᠭᠠᠭᠠᠮᠠᠯ ᠂ ᠬᠡᠷᠡᠭ ᠮᠡᠳᠡᠭᠴᠢ ᠵᠠᠩ ᠹᠦ᠋ ᠱᠧᠩ ( ᠵᠢᠩᠬᠢᠨᠢ ᠲᠢᠩᠬᠢᠮᠲᠠᠰ )ᠬᠠᠬᠤᠤᠯᠢ ᠢᠳᠡᠭᠰᠡᠨ ᠰᠡᠵᠢᠭᠯᠡᠯᠲᠡᠶ ᠬᠡᠷᠡᠭ ᠢ ᠥᠪᠥᠷ ᠮᠣᠩᠭᠣᠯᠥᠪᠡᠷᠲᠡᠭᠡᠨ ᠵᠠᠰᠠᠬᠤ ᠣᠷᠣᠨ ᠬᠢᠨᠠᠨ ᠪᠠᠶᠢᠴᠠᠭᠠᠬᠤ ᠵᠥᠪᠯᠡᠯ ᠡᠴᠡ ᠪᠠᠶᠢᠴᠠᠭᠠᠨ ᠳᠠᠭᠤᠰᠬᠠᠵᠤ ᠂ ᠪᠠᠶᠢᠴᠠᠭᠠᠬᠤ ᠪᠠᠶᠢᠭᠤᠯᠭ᠎ᠠ ᠳᠤ ᠵᠠᠭᠠᠯᠲᠤᠬᠤ ᠬᠢᠨᠠᠨᠪᠠᠶᠢᠴᠠᠭᠠᠯᠭᠠᠬᠤ ᠪᠠᠷ ᠰᠢᠯᠵᠢᠭᠦᠯᠦᠨ ᠬᠦᠷᠭᠡᠪᠡ᠃ ᠥᠪᠥᠷ ᠮᠣᠩᠭᠣᠯᠥᠪᠡᠷᠲᠡᠭᠡᠨ ᠵᠠᠰᠠᠬᠤ ᠣᠷᠣᠨ ᠠᠷᠠᠳᠪᠠᠶᠢᠴᠠᠭᠠᠬᠤ ᠬᠣᠷᠢᠶ᠎ᠠ ᠠᠴᠠ ᠬᠠᠷᠢᠶᠠᠯᠠᠯ ᠢ ᠨᠢ ᠵᠢᠭᠠᠨ ᠲᠣᠭᠲᠠᠭᠠᠵᠤ ᠂ ᠪᠤᠭᠤᠲᠤ ᠬᠣᠲᠠ ᠵᠢᠨ ᠠᠷᠠᠳᠪᠠᠶᠢᠴᠠᠭᠠᠬᠤ ᠬᠣᠷᠢᠶ᠎ᠠ ᠠᠴᠠ ᠵᠠᠭᠠᠯᠲᠤᠬᠤ ᠬᠢᠨᠠᠨ ᠪᠠᠶᠢᠴᠠᠭᠠᠪᠠ ᠃ ᠲᠦᠷᠦᠭᠦᠬᠡᠨ ᠂ ᠪᠤᠭᠤᠲᠤ ᠬᠣᠲᠠ ᠵᠢᠨ ᠠᠷᠠᠳᠪᠠᠶᠢᠴᠠᠭᠠᠬᠤ ᠬᠣᠷᠢᠶ᠎ᠠ ᠵᠠᠩ ᠹᠦ᠋ ᠱᠧᠩ ᠬᠠᠬᠤᠤᠯᠢ ᠢᠳᠡᠭᠰᠡᠨ ᠶᠠᠯ᠎ᠠ ᠪᠠᠷ ᠰᠡᠵᠢᠭᠯᠡᠭᠲᠡᠭᠰᠡᠨ ᠡᠴᠡ ᠬᠠᠤᠯᠢ ᠶᠣᠰᠣᠭᠠᠷ ᠪᠠᠷᠢᠪᠴᠢᠯᠠᠬᠤ ᠲᠣᠭᠲᠠᠭᠠᠯ ᠭᠠᠷᠭᠠᠪᠠ᠃ ᠲᠣᠰ ᠬᠡᠷᠡᠭ ᠢ ᠶᠠᠭ ᠤᠯᠠᠮ ᠨᠢᠭᠡ ᠠᠯᠬᠤᠮ ᠰᠢᠶᠳᠪᠦᠷᠢᠯᠡᠵᠦ ᠪᠠᠵᠢᠨ᠎ᠠ ᠃