ᠠᠯᠠᠱᠠ ᠪᠠᠷᠠᠭᠤᠨ ᠬᠣᠰᠢᠭᠤᠨ ᠠᠷᠠᠳᠪᠠᠶᠢᠴᠠᠭᠠᠬᠤ ᠬᠤᠷᠢᠶ᠎ᠠ ᠵᠢᠨ ᠵᠠᠭᠠᠯᠳᠤᠬᠤ ᠪᠢᠴᠢᠭ
2021Z1 ᠳ᠋ᠤᠭᠠᠷ
ᠵᠠᠭᠠᠯᠳᠤᠭᠳᠠᠭᠴᠢ ᠬᠦᠮᠥᠨ ᠭᠡ** ᠡᠮᠡᠭᠳᠠᠢ 1969 ** ** ᠪᠠᠭ᠎ᠠ ᠰᠤᠷᠭᠠᠭᠤᠯᠢ ᠵᠢᠨ ᠬᠢᠷᠢ ᠬᠡᠮᠵᠢᠶ᠎ᠡ 1529221969******** ᠦᠪᠦᠷ ᠮᠤᠩᠭᠤᠯᠦᠪᠡᠷᠲᠡᠭᠡᠨ ᠵᠠᠰᠠᠬᠤ ᠤᠷᠤᠨ ᠠᠶᠢᠮᠠᠭ ᠠᠯᠠᠱᠠ ᠪᠠᠷᠠᠭᠤᠨ ᠬᠤᠰᠢᠭᠤᠨ ** ᠰᠤᠮᠤ ᠡᠳᠦᠭᠡ ᠦᠪᠦᠷ ᠮᠤᠩᠭᠤᠯᠦᠪᠠᠷᠳᠡᠭᠡᠨ ᠵᠠᠰᠠᠬᠤ ᠤᠷᠤᠨ ᠠᠯᠠᠱᠠ ᠪᠠᠷᠠᠭᠤᠨ ᠬᠤᠰᠢᠭᠤᠨ ** ᠰᠤᠮᠤᠨ ** ᠭᠠᠴᠠᠭᠠᠨ ** ᠨᠤᠮᠸᠷ ᠳᠤ ᠰᠠᠭᠤᠵᠤ ᠪᠤᠢ ᠡᠷᠡᠭᠥᠥ ᠰᠢᠢᠳᠭᠡᠯ ᠤᠯᠵᠥ ᠥᠩᠭᠡᠷᠡᠭᠰᠡᠨ ᠦᠭᠡᠢ 2020 ᠤᠨ 6 23 ᠵᠠᠮ ᠬᠠᠷᠢᠯᠴᠠᠭᠠᠨ ᠬᠡᠷᠡᠭ ᠭᠠᠷᠭᠠᠭᠰᠠᠨ ᠰᠡᠵᠢᠭᠯᠡᠭᠳᠡᠵᠦ ᠂ ᠠᠯᠠᠱᠠ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶ᠎ᠡ ᠡᠴᠡ ᠰᠢᠭᠦᠯᠳᠠ ᠬᠦᠯᠢᠶᠡᠯᠭᠡᠪᠡ 2020 11 27 ᠠᠯᠠᠱᠠ ᠪᠠᠷᠠᠭᠤᠨ ᠬᠤᠰᠢᠭᠤᠨ ᠠᠷᠠᠳᠪᠠᠶᠢᠴᠠᠭᠠᠬᠤ ᠬᠤᠷᠢᠶ᠎ᠠ ᠡᠴᠡ ᠰᠢᠭᠦᠯᠳᠠ ᠬᠦᠯᠢᠶᠡᠯᠭᠡᠪᠡ ᠲᠤᠰ ᠬᠣᠷᠢᠶ᠎ᠠ 2020 12 24 ᠬᠢᠨᠠᠨ ᠪᠠᠶᠢᠴᠠᠭᠠᠵᠤ ᠵᠠᠭᠠᠯᠳᠤᠬᠤ ᠬᠤᠭᠤᠴᠠᠭ᠎ᠠ ᠶᠢ15 ᠡᠳᠥᠷ ᠤᠷᠳᠤᠳᠬᠠᠪᠠ᠃
ᠲᠤᠰ ᠬᠡᠷᠡᠭ ᠢ ᠠᠯᠠᠱᠨ ᠪᠠᠷᠠᠭᠤᠨ ᠬᠤᠰᠢᠭᠤᠨ ᠲᠤᠳᠤᠭᠠᠳᠤ ᠬᠠᠮᠠᠭᠠᠯᠠᠬᠤ ᠲᠤᠪᠴᠢᠶ᠎ᠠ ᠲᠤᠷᠰᠢᠨ ᠪᠠᠶᠢᠴᠠᠭᠠᠨ ᠲᠠᠭᠤᠰᠴᠤ ᠂ ᠵᠠᠭᠠᠯᠳᠤᠭᠳᠠᠭᠴᠢ ᠬᠦᠮᠥᠨ ᠭᠡ** ᠵᠠᠮ ᠬᠠᠷᠢᠯᠴᠠᠭᠠᠨ ᠬᠡᠷᠡᠭ ᠭᠠᠷᠭᠠᠭᠰᠠᠨ ᠶᠡᠯ᠎ᠠ ᠬᠢᠭᠰᠡᠨ ᠢᠶᠠᠷ ᠰᠡᠵᠢᠭᠯᠡᠭᠳᠡᠵᠦ ᠂ 2020 ᠤᠨ 11ᠰᠠᠷ᠎ᠠ ᠵᠢᠨ 27 ᠡᠳᠤᠷ ᠮᠠᠨ ᠬᠤᠷᠢᠶᠠᠨ ᠳᠤ ᠬᠢᠨᠠᠨ ᠵᠠᠭᠠᠯᠳᠤᠭᠤᠯᠬᠤ ᠪᠠᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶ᠎ᠠ ᠬᠦᠯᠢᠶᠡᠨ ᠠᠪᠤᠭᠰᠠᠨ ᠤ ᠲᠠᠷᠠᠭ᠎ᠠ ᠂ 2020 ᠤᠨ ᠤ11ᠰᠠᠷ᠎ᠠ ᠵᠢᠨ 27 ᠡᠳᠤᠷ ᠵᠠᠭᠠᠯᠳᠤᠭᠳᠠᠭᠴᠢ ᠬᠦᠮᠥᠨ ᠭᠡ**ᠳ᠋ᠦ ᠦᠮᠦᠭᠯᠡᠭᠴᠢ ᠨᠠᠶᠢᠳᠠᠬᠤ ᠡᠷᠬᠡ ᠲᠠᠢ ᠭᠡᠳᠡᠭ ᠢ ᠮᠡᠳᠡᠭᠳᠡᠵᠦ ᠂ 2020 11 27 ᠰᠢᠢᠳᠬᠡᠯ ᠵᠢᠴᠢ ᠤᠶᠢᠷ᠎ᠠ ᠲᠦᠷᠦᠯ ᠰᠠᠳᠤᠨ ᠪᠤᠳᠠᠳᠤ
ᠬᠠᠤᠯᠢ ᠶᠤᠰᠤᠭᠠᠷ ᠬᠢᠨᠠᠨ ᠪᠠᠶᠢᠴᠠᠭᠠᠵᠦ ᠲᠤᠳᠤᠯᠠᠭᠰᠠᠨ ᠨᠢ ᠄ 2020 ᠣᠨ ᠦ 4 ᠰᠠᠷ᠎ᠠ ᠵᠢᠨ4 ᠡᠲᠦᠷ ᠤᠨ14 ᠴᠠᠭᠦᠶ᠎ᠡ ᠳᠤ᠂ ᠵᠠᠭᠠᠯᠳᠤᠭᠳᠠᠭᠴᠢ ᠬᠦᠮᠥᠨ ᠭᠡ** ᠲᠡᠮᠡᠭᠡ ᠲᠤᠤᠷ ᠲᠤ ᠤᠷᠤᠵᠤ ᠵᠠᠭ ᠢᠳᠡᠬᠦ ᠡᠴᠡ ᠰᠡᠷᠭᠡᠡᠢᠯᠡᠨ᠂ ᠠᠯᠠᠱᠠ ᠪᠠᠷᠠᠭᠤᠨ ᠬᠤᠰᠢᠭᠤᠨ ᠲᠠᠩᠰᠤᠭᠪᠤᠯᠠᠭ ᠰᠤᠮᠤᠨ ᠠᠴᠠ ᠬᠤᠰᠢᠭᠤᠴᠢ ᠭᠠᠴᠠᠭ᠎ᠠ ᠵᠦᠭ ᠨᠡᠪᠲᠡᠷᠡᠬᠦ ᠱᠦᠢᠨᠢ ᠵᠠᠮ ᠬᠡᠰᠡᠭ ᠲᠦ ᠲᠦᠷ ᠵᠠᠭᠤᠷ᠎ᠠ ᠵᠠᠮ ᠰᠤᠨᠳᠠᠯᠠᠨ ᠴᠠᠢᠢᠪᠤᠷ ᠬᠠᠷ᠎ᠠ ᠥᠩᠭᠡᠲᠦ ᠰᠢᠷᠬᠡᠭᠯᠢᠭ ᠮᠠᠲ᠋ᠧᠷᠢᠶᠠᠯ ᠲᠡᠭᠡᠰᠤ ᠵᠠᠮᠬᠤᠶᠠᠷ ᠬᠠᠵᠠᠭᠤᠳᠠᠬᠢ ᠱᠤᠩ ᠲᠡᠭᠡᠷ᠎ᠡ ᠲᠠᠳᠠᠨᠨᠰᠠᠨ ᠪᠠᠵᠢᠨ᠎ᠠ᠃ 15 ᠴᠠᠭᠦᠶ᠎ᠡ ᠳᠤ ᠯᠥᠸ᠋ᠸ** ᠳ᠋ᠤᠭᠠᠷ ᠫᠠᠢᠢᠰᠠ ᠦᠭᠡᠢ 《ᠬᠤᠤ ᠵᠢᠶᠠᠩ ᠨᠡᠷᠡᠮᠵᠢᠳᠤ》ᠬᠣᠶᠠᠷ ᠬᠥᠷᠳᠥᠳᠥ ᠮᠣᠲ᠋ᠣᠷ ᠵᠢᠯᠣᠭᠣᠳᠴᠤ ᠬᠤᠵᠢᠨ᠎ᠠ ᠡᠴᠡ ᠡᠮᠤᠨᠡᠰᠢ ᠠᠶᠠᠯᠠᠨ᠂ ᠲᠤᠰ ᠭᠠᠵᠠᠷ ᠢᠶᠠᠷ ᠥᠩᠭᠡᠷᠡᠬᠥ ᠳᠦ ᠭᠡ**ᠲᠠᠳᠠᠨᠨᠰᠠᠨ ᠳᠡᠭᠡᠰᠦᠨ ᠳᠤ ᠮᠥᠷᠭᠥᠭᠡᠳ ᠂ ᠯᠥᠸ᠋ᠸ ** ᠵᠢᠨ ᠬᠥᠵᠥᠭᠥᠥ ᠨᠢ ᠲᠡᠭᠡᠰᠤᠨ ᠳᠤ ᠪᠤᠭᠤᠮᠢᠯᠠᠨᠨᠳᠠᠨ ᠮᠣᠲ᠋ᠣᠷ ᠡᠴᠡ ᠥᠢᠴᠢᠨ ᠥᠬᠥᠵᠤ᠂ ᠮᠣᠲ᠋ᠣᠷᠠᠷᠤ ᠳ᠋ᠤᠨᠢ ᠰᠠᠭᠤᠵᠤ ᠪᠠᠢᠢᠭᠰᠠᠨ ᠵᠠᠩ** ᠰᠢᠷᠠᠭᠳᠠᠭᠰᠠᠨ ᠭᠡᠨᠡᠳᠡᠯ ᠭᠠᠷᠤᠨᠨᠰᠠᠨ ᠪᠠᠵᠢᠨ᠎ᠠ᠃ ᠭᠠᠨᠰᠦ ᠵᠢᠨ ᠵᠧᠩ ᠬᠠᠤᠯᠢ ᠴᠠᠭᠠᠵᠠ ᠵᠢᠨ ᠤᠬᠠᠭᠠᠨ ᠦ ᠬᠢᠨᠠᠨ ᠲᠣᠭᠲᠠᠭᠠᠬᠤ ᠭᠠᠵᠠᠷ ᠬᠠᠤᠯᠢ ᠴᠠᠭᠠᠵᠠ ᠵᠢᠨ ᠬᠢᠨᠠᠨ ᠲᠤᠨᠨᠳᠠᠭᠠᠯᠳᠠ ᠪᠠᠷ ᠯᠥᠸ᠋ᠸ ** ᠵᠢᠨ ᠬᠥᠵᠥᠭᠥᠨ ᠭᠡᠰᠡᠭ ᠨᠢ ᠳᠡᠭᠡᠰᠦᠨ ᠳᠤ ᠪᠤᠭᠤᠮᠢᠯᠠᠨᠨᠳᠠᠨᠨᠰᠠᠨ ᠠᠴᠠ ᠪᠤᠯᠵᠤ᠂ ᠬᠥᠵᠥᠭᠥᠨ ᠦ ᠶᠠᠰᠤ ᠨᠢ ᠬᠦᠨᠳᠦ ᠨᠣᠴᠢᠲᠡᠢ ᠮᠣᠯᠲᠤᠷᠠᠵᠤ᠂ ᠰᠡᠭᠡᠷ ᠬᠥᠵᠥᠭᠥᠨ ᠦ ᠨᠤᠭᠤᠰᠤ ᠨᠢ ᠬᠦᠨᠳᠦ ᠨᠣᠴᠢᠲᠡᠢ ᠰᠢᠷᠠᠭᠳᠠᠵᠤ ᠦᠬᠦᠭᠰᠡᠨ ᠢ ᠭᠡᠷᠡᠴᠢᠯᠡᠵᠡᠢ᠃
ᠲᠡᠭᠡᠷ᠎ᠡ ᠶᠠᠷᠢᠭᠰᠠᠨ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠨᠢ ᠲᠤᠤᠷᠠᠬᠢ ᠮᠡᠳᠦ ᠄ᠪᠢᠴᠢᠭᠭᠡᠷᠡᠴᠢ ︔ ᠭᠡᠷᠡᠴᠢᠯᠡᠭᠴᠢ ᠵᠢᠨ ᠭᠡᠷᠡᠴᠢ ᠦᠭᠡ︔ ᠬᠤᠤᠷᠯᠠᠭᠳᠠᠭᠴᠢ ᠵᠢᠨ ᠲᠤᠭᠠᠴᠢᠯᠳᠠ︔ ᠵᠠᠭᠠᠯᠳᠤᠭᠳᠠᠭᠴᠢ ᠬᠦᠮᠥᠨ ᠦᠴᠢᠭᠯᠡᠯᠳᠡ ᠪᠠ ᠵᠦᠪᠳᠡᠭᠡᠯᠳᠡ︔ ᠰᠢᠯᠭᠠᠨ ᠲᠤᠭᠳᠠᠭᠠᠯᠳᠠ ᠵᠢᠨ ᠰᠠᠨᠠᠯ ︔ ᠬᠠᠵᠢᠨ ᠰᠢᠯᠭᠠᠯᠳᠠ ᠂ ᠢᠯᠭᠠᠨ ᠲᠠᠨᠢᠭᠤᠯᠤᠯᠳᠠ ᠵᠢᠨ ᠲᠡᠮᠳᠡᠭᠯᠡᠯ ᠵᠡᠷᠭᠡ ᠭᠡᠷᠡᠴᠢ ᠪᠣᠢ ᠃
ᠲᠤᠰ ᠬᠤᠷᠢᠶᠠᠨ ᠦᠵᠡᠬᠦ ᠪᠡᠷ᠂ ᠵᠠᠭᠠᠯᠳᠤᠭᠳᠠᠭᠴᠢ ᠬᠦᠮᠥᠨ ᠭᠡ** ᠡᠨᠳᠡᠯ ᠢᠶᠡᠷ ᠬᠥᠮᠥᠨ ᠢ ᠥᠬᠥᠭᠥᠯᠥᠭᠰᠡᠨ ᠦᠢᠯᠡ ᠠᠵᠢᠯᠯᠠᠭ᠎ᠠ ᠨᠢ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠬᠠᠤᠯᠢ︾ ᠵᠢᠨ ᠬᠤᠶᠠᠷ ᠵᠠᠭᠤ ᠭᠤᠴᠢᠨ ᠭᠤᠷᠪᠠᠳᠤᠭᠠᠷ ᠵᠥᠢᠯᠲᠤᠭᠳᠠᠭᠠᠯ ᠳ᠋ᠥ ᠬᠠᠯᠳᠠᠵᠦ ᠂ ᠶᠠᠯ᠎ᠠ ᠬᠢᠭᠰᠡᠨ ᠪᠤᠳᠠᠳᠤ ᠶᠠᠪᠤᠳᠠᠯ ᠨᠢ ᠲᠤᠳᠤᠷᠬᠠᠢ ᠂ ᠭᠡᠷᠡᠴᠢ ᠪᠠᠷᠢᠮᠳᠠ ᠨᠢ ᠦᠨᠡᠨ ᠪᠤᠲᠠᠲᠠᠢ ᠪᠦᠷᠢᠨ ᠭᠦᠢᠴᠡᠳ ᠪᠠᠶᠢᠵᠦ᠂ ᠡᠨᠳᠡᠯ ᠢᠶᠡᠷ ᠬᠥᠮᠥᠨ ᠥᠬᠥᠭᠥᠯᠥᠭᠰᠡᠨ ᠶᠡᠯ᠎ᠠ ᠪᠠᠷ ᠵᠠᠭᠠᠯᠳᠤᠭᠳᠠᠭᠴᠢ ᠬᠦᠮᠥᠨ ᠭᠡ** ᠵᠢᠨ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠪᠡᠯ ᠵᠤᠬᠢᠨ᠎ᠠ᠃ ᠵᠠᠭᠠᠯᠳᠤᠭᠳᠠᠭᠴᠢ ᠬᠦᠮᠥᠨ ᠭᠡ** ᠶᠡᠯ᠎ᠠ ᠬᠢᠭᠰᠡᠨ ᠲᠠᠷᠠᠭ᠎ᠠ ᠥᠪᠡᠷᠬᠡᠷᠡᠭ ᠵᠢᠡᠨ ᠮᠡᠳᠡᠭᠥᠯᠵᠤ ᠂ ᠥᠪᠡᠷᠶᠠᠯᠠᠳᠤ ᠠᠵᠢᠯᠯᠠᠭ᠎ᠠ ᠪᠠᠨ ᠦᠨᠡᠨ ᠵᠢᠡᠷ ᠨᠢ ᠦᠴᠢᠭᠯᠡᠵᠦ᠂ ᠪᠡᠶ᠎ᠡ ᠪᠠᠨ ᠲᠤᠰᠢᠶᠠᠭᠰᠠᠠ ᠡᠴᠡ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠬᠠᠤᠯᠢ︾ ᠵᠢᠨ ᠵᠢᠷᠡᠨ ᠲᠤᠯᠤᠳᠤᠭᠠᠷ ᠵᠦᠢᠯᠨᠢᠭᠡᠳᠥᠭᠡᠷ ᠵᠤᠷᠪᠤᠰᠲᠤᠭᠳᠠᠭᠠᠯ ᠢ ᠦᠨᠳᠤᠰᠤᠯᠡᠨ᠂ ᠬᠦᠩᠭᠡᠨ ᠢᠶᠡᠷ ᠰᠢᠢᠳᠬᠡᠬᠦ ᠪᠤᠶᠤ ᠬᠥᠨᠭᠭᠡᠷᠡᠭᠥᠯᠥᠨ ᠰᠢᠢᠳᠬᠡᠵᠤ ᠪᠤᠯᠤᠨ᠎ᠡ᠃ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰᠡᠷᠡᠭᠦᠦ ᠵᠢᠨ ᠵᠠᠷᠭᠤ ᠵᠢᠨ ᠬᠠᠤᠯᠢ︾ ᠵᠢᠨ ᠵᠠᠭᠤ ᠲᠠᠯᠠᠨ ᠵᠢᠷᠭᠤᠳᠤᠭᠠᠷ ᠵᠦᠢᠯᠲᠤᠭᠳᠠᠭᠠᠯ ᠢ ᠦᠨᠳᠦᠰᠦᠯᠡᠵᠦ ᠂ ᠠᠯᠪᠠᠨ ᠵᠠᠭᠠᠯᠳᠤᠯᠭ᠎ᠠ ᠭᠠᠷᠭᠠᠪᠠ ᠃ ᠬᠠᠤᠯᠢ ᠶᠤᠰᠤᠭᠠᠷ ᠰᠢᠢᠳᠬᠡᠬᠦ ᠪᠤᠯᠪᠠᠤ ᠃
ᠡᠭᠦᠨ ᠦ ᠲᠤᠯᠠ
ᠠᠯᠠᠱᠨ ᠪᠠᠷᠠᠭᠤᠨ ᠬᠤᠰᠢᠭᠤᠨ ᠠᠷᠠᠳᠰᠢᠬᠦᠬᠦ ᠬᠤᠷᠢᠶ᠎ᠠ ᠳᠤ
ᠪᠠᠶᠢᠴᠠᠭᠠᠬᠤ ᠲᠤᠰᠢᠶᠠᠯᠲᠠᠨ ᠄ ᠮᠥᠴᠢᠷ
2021 ᠤᠨ ᠣ 1 ᠰᠠᠷ᠎ᠠ ᠵᠢᠨ 7 ᠣ ᠡᠳᠦᠷ
ᠲᠠᠭᠠᠯᠳᠤᠭᠤᠯᠤᠯ ᠄
1᠂ ᠵᠠᠭᠠᠯᠳᠤᠭᠳᠠᠭᠴᠢ ᠬᠦᠮᠥᠨ ᠭᠡ** ᠪᠠᠳᠤᠯᠠᠭ᠎ᠠ ᠠᠪᠴᠤ ᠰᠢᠭᠦᠯᠳᠡ ᠬᠦᠯᠢᠶᠡᠯᠭᠡᠪᠡ᠂ ᠤᠳᠤ ᠦᠪᠦᠷ ᠮᠤᠩᠭᠤᠯᠦᠪᠠᠷᠳᠡᠭᠡᠨ ᠵᠠᠰᠠᠬᠤ ᠤᠷᠤᠨ ᠠᠯᠠᠱᠠ ᠪᠠᠷᠠᠭᠤᠨ ᠬᠤᠰᠢᠭᠤᠨ ** ᠰᠤᠮᠤᠨ ** ᠭᠠᠴᠠᠭᠠᠨ ** ᠨᠤᠮᠸᠷ ᠳᠤ ᠰᠠᠭᠤᠵᠤ ᠪᠠᠵᠢᠨ᠎ᠠ᠃
2᠂ ᠬᠡᠷᠡᠭᠡᠪᠬᠡᠮᠡᠯᠮᠠᠲᠸᠷᠢᠶᠠᠯ ᠪᠤᠯᠤᠨ ᠭᠡᠷᠡᠴᠢ ᠪᠠᠷᠢᠮᠳᠠ ᠲᠥᠷᠪᠡᠨ ᠲᠡᠪᠳᠡᠷ ᠃
3᠂ ᠬᠤᠤᠷᠯᠠᠭᠳᠠᠭᠴᠢ ᠵᠢᠨ ᠡᠷᠡᠭᠥᠥ ᠵᠢᠨ ᠵᠠᠷᠭᠤ ᠳᠤ ᠲᠠᠭᠠᠯᠳᠤᠭᠰᠠᠨ ᠢᠷᠭᠡᠨ ᠦ ᠵᠠᠷᠭᠤ ᠵᠢᠨ ᠵᠠᠭᠠᠯᠳᠤᠬᠤ ᠪᠢᠴᠢᠭ ᠲᠠᠪᠤᠨ ᠬᠤᠪᠢ ᠃
4᠂ ᠡᠷᠬᠡ ᠤᠯᠭᠤᠬᠤ ᠵᠢᠨ ᠨᠠᠶᠢᠳᠠᠯᠭ᠎ᠠ ᠵᠢᠨ ᠪᠢᠴᠢᠭ᠂ ᠬᠠᠤᠯᠢᠴᠢ ᠵᠢᠨ ᠶᠠᠪᠤᠳᠠᠯ ᠭᠠᠵᠠᠷᠪᠢᠴᠢᠭ᠂ ᠬᠠᠤᠯᠢᠵᠢ ᠵᠢᠨ ᠲᠤᠬᠠᠶᠢᠯᠠᠨᠨᠰᠠᠨ ᠠᠵᠢᠯᠬᠢᠷᠢ ᠬᠡᠮᠥᠨᠡᠮᠯᠡᠯ ᠲᠤᠰ ᠪᠥᠷᠢ ᠬᠤᠶᠠᠷ ᠬᠤᠪᠢ᠃